ᠰᠤᠷᠭᠠᠭᠤᠯᠢ ᠶᠢᠨ ᠮᠡᠳᠡᠭᠡ
ᠪᠠᠭᠰᠢ ᠵᠢᠨ ᠬᠡᠯᠡ ᠶᠠᠷᠢᠶᠠᠨ ᠦ ᠮᠡᠷᠬᠡᠵᠢᠯ ᠦᠨ ᠪᠤᠯᠪᠠᠰᠤᠷᠠᠯ
2017.11.10 ᠲᠣᠰ ᠥᠷᠲᠡᠭᠡᠨ ᠦ ᠨᠠᠢᠷᠠᠭᠤᠯᠤᠭᠴᠢ

        2017᠎ ᠂ 11᠎ ᠂  8᠎  ᠦ ᠡᠳᠦᠷ ᠦᠨ ᠦᠳᠡ ᠶᠢᠨ ᠬᠣᠢᠨ᠎ᠠ ᠪᠤᠷᠤᠬᠤᠳᠠ ᠮᠤᠩᠭᠤᠯ ᠲᠤᠮᠳᠠᠳᠤ ᠰᠤᠷᠭᠠᠭᠤᠯᠢ《 ᠪᠠᠭᠰᠢ ᠶᠢᠨ ᠬᠡᠯᠡ ᠶᠠᠷᠢᠶᠠᠨ ᠤ ᠮᠡᠷᠬᠡᠵᠢᠯ ᠦᠨ ᠪᠤᠯᠪᠠᠰᠤᠷᠠᠯ 》‍᠎ᠬᠡᠬᠦ ᠶᠠᠷᠢᠶ᠎ᠠ ᠲᠠᠢᠯᠦᠮᠵᠢ ᠵᠢᠨ ᠬᠤᠷᠠᠯ   ᠬᠢᠯ᠎ᠡ ᠃  ᠤᠯᠠᠭᠠᠨᠬᠠᠳᠠ ᠶᠢᠨ ᠷᠠᠳᠢᠣ᠋ ᠬᠤᠷᠢᠶᠠᠨ ᠤ ᠬᠦᠳᠦᠯᠦᠭᠴᠢ ᠠᠷᠭᠠᠮᠵᠢᠶ᠎ᠠ ᠂ ᠠᠮᠸᠷᠢᠺᠠ  ᠤᠯᠤᠰ ᠲᠤ ᠦᠨᠳᠦᠰᠦᠳᠡᠨ ᠦ ᠪᠠᠨ ᠤᠯᠠᠮᠵᠢᠯᠠᠯᠳᠤ  ᠢᠯᠢᠵᠤ ᠨᠤᠬᠤᠯᠠᠬᠤ ᠡᠮᠴᠢᠯᠡᠬᠡᠨ ᠦ ᠮᠡᠷᠬᠡᠵᠢᠯ  ᠵᠢᠡᠷ ᠦᠢᠯᠡᠰ ᠪᠤᠰᠬᠠᠨ ᠠᠯᠳᠠᠷᠰᠢᠵᠤ ᠪᠠᠢᠭ᠎ᠠ ᠴᠢᠩᠵᠤᠷᠢᠭᠳᠤ ᠂ ᠤᠯᠠᠭᠠᠨᠬᠠᠳᠠ ᠲᠡᠬᠡᠳᠦ ᠰᠤᠷᠭᠠᠭᠤᠯᠢ ᠶᠢᠨ ᠪᠠᠭᠰᠢ ᠱᠤᠸᠠᠩ ᠱᠢ ᠨᠠᠷ ᠤᠷᠢᠭᠳᠠᠨ ᠤᠷᠤᠯᠴᠠᠵᠠᠢ᠃ ᠪᠦᠬᠦ ᠬᠤᠰᠢᠭᠤᠨ ᠤ ᠦᠨᠳᠦᠰᠦᠳᠡᠨ ᠦ ᠲᠤᠮᠳᠠᠳᠤ ᠪᠠᠭ᠎ᠠ ᠰᠤᠷᠭᠠᠭᠤᠯᠢ ᠶᠢᠨ ᠬᠠᠮᠢᠶ᠎ᠠ ᠪᠦᠬᠦᠢ ᠪᠠᠭᠰᠢ ᠨᠠᠷ ᠬᠦᠷᠦᠯᠴᠡᠨ ᠢᠷᠡᠵᠤ ᠤᠷᠤᠯᠴᠠᠪᠠ ᠃ ᠰᠤᠷᠭᠠᠭᠤᠯᠢ ᠶᠢᠨ ᠵᠠᠬᠢᠷᠤᠯ ᠠᠮᠤᠭᠤᠯᠠᠩ ᠬᠤᠷᠠᠯ ᠡᠷᠬᠢᠯᠡᠵᠡᠢ ᠃

     ᠬᠠᠮᠤᠬ ᠲᠦᠷᠦᠬᠦᠨ ᠳᠦ ᠠᠷᠭᠠᠮᠵᠢᠶ᠎ᠠ ᠭᠤᠸᠠᠢ ᠡᠴᠡ  ᠮᠡᠷᠬᠡᠵᠢᠯ ᠦᠨ  ᠵᠢᠯᠤᠭᠤᠳᠤᠮᠵᠢ ᠬᠢᠪᠡ ᠃ ᠲᠡᠷᠡ ᠶᠠᠷᠢᠬᠤ ᠳᠤ ᠪᠠᠨ ᠄ ᠤᠳᠤᠬᠠᠨ ᠤ ᠮᠤᠩᠭᠤᠯ  ᠨᠡᠷ᠎ᠡ ᠲᠤᠮᠢᠶᠠᠨ ᠳᠤ ᠮᠠᠰᠢ ᠤᠯᠠᠨ ᠵᠢᠬᠡᠯᠡᠯᠬᠡ ᠦᠬᠡ ᠤᠷᠤᠵᠤ ᠢᠷᠡᠭᠰᠡᠨ ᠂  ᠲᠤᠬᠢᠷᠠᠮᠵᠢ ᠪᠡᠷ  ᠪᠠᠷᠤᠭᠳᠠᠢ ᠮᠤᠩᠭᠤᠯ ᠨᠡᠷ᠎ᠡ ᠲᠣᠮᠢᠶ᠎ᠠ ᠬᠡᠷᠡᠭᠯᠡᠵᠤ  ᠪᠠᠢᠭ᠎ᠠ  ᠂ ᠡᠨᠡᠬᠦ ᠠᠰᠠᠭᠤᠳᠠᠯ ᠨᠢ ᠬᠡᠯᠡᠨ ᠦ ᠪᠤᠬᠢᠷᠳᠤᠯ ᠪᠠ ᠶᠠᠳᠠᠭᠤᠷᠠᠯ ᠢ  ᠡᠬᠦᠰᠴᠦ  ᠪᠠᠢᠭ᠎ᠠ ᠵᠢᠨ  ᠴᠢᠬᠤᠯᠠ ᠨᠢᠬᠡ  ᠰᠢᠯᠳᠠᠭᠠᠨ ᠪᠤᠯᠬᠤ ᠂ ᠰᠢᠨ᠎ᠡ  ᠨᠡᠷ᠎ᠡ ᠲᠤᠮᠢᠶᠠᠨ ᠳᠤ ᠦᠪᠡᠷ ᠦᠨ ᠦᠨᠳᠦᠰᠦᠳᠡᠨ ᠦ ᠪᠠᠨ ᠰᠤᠶᠤᠯ ᠰᠡᠳᠬᠢᠬᠦᠢ ᠳᠦ ᠰᠠᠭᠤᠷᠢᠯᠠᠵᠤ  ᠪᠦᠳᠦᠬᠡᠯᠴᠢ ᠪᠡᠷ ᠨᠡᠷᠡᠯᠡᠵᠤ  ᠪᠠᠢᠭ᠎ᠠ ᠪᠠᠢᠳᠠᠯ  ᠢᠯᠡᠷᠡᠵᠤ ᠪᠠᠢᠬᠤ ᠂ ᠵᠢᠱᠢᠶᠡᠯᠡᠪᠡᠯ ᠄ (优盘 )— ᠴᠠᠬᠢᠮᠵᠢ   ᠂ (二维码)— ᠮᠡᠷᠬᠡᠨ ᠴᠤᠬᠤᠷ ᠬᠡᠵᠤ ᠪᠠᠢᠭ᠎ᠠ ᠃ ᠵᠠᠷᠢᠮ ᠠᠯᠤᠰ ᠤᠨ ᠬᠠᠷᠠᠴᠠ ᠲᠠᠢ ᠡᠷᠳᠡᠮᠳᠡᠳ ᠦᠪᠡᠷ ᠦᠨᠲᠡᠤᠬᠡ ᠰᠤᠶᠤᠯ ᠤᠨ ᠵᠢᠡᠨ ᠬᠦᠨ ᠳᠠᠪᠬᠤᠷᠭ᠎ᠠ ᠡᠴᠡ ᠬᠠᠢᠯᠳᠠ ᠬᠢᠵᠤᠮᠤᠩᠭᠤᠯᠴᠤᠳ ᠤᠨ ᠤᠤᠯ ᠤᠨ  ᠬᠡᠷᠡᠭᠡᠯᠡᠵᠤ ᠪᠠᠢᠭᠰᠠᠨ ᠨᠡᠷ᠎ᠡ ᠲᠣᠮᠢᠶ᠎ᠠ ᠶᠢ ᠰᠡᠷᠬᠦᠬᠡᠵᠤ  ᠪᠠᠢᠭ᠎ᠠ  ᠃ ᠤᠳᠤ ᠵᠢᠨ ᠲᠡᠯᠡᠬᠡᠢ ᠶᠢᠨ ᠲᠠᠪᠰᠢᠭᠰᠠᠨ ᠰᠤᠶᠤᠯ ᠮᠤᠩᠭᠤᠯᠴᠤᠳ ᠲᠤ  ᠪᠠᠰᠠ ᠪᠠᠢᠭᠰᠠᠨ ᠂  ᠬᠢᠪ ᠬᠤᠪ ᠬᠦᠭᠵᠢᠮ ᠦᠨ ᠬᠦᠭ ᠠᠢᠵᠢᠮ ᠮᠠᠨ ᠤ ᠬᠤᠭᠤᠷ ᠤᠨ ᠦᠯᠢᠬᠡᠷ  ᠂ ᠬᠣᠯᠪᠤᠭ᠎ᠠ ᠳᠠᠭᠠᠷᠢᠯᠴᠠᠭ᠎ᠠ ᠳᠤ  ᠪᠠᠢᠭᠰᠠᠨ ᠬᠡᠬᠦ ᠮᠡᠳᠦᠴᠢᠯᠡᠨ ᠤᠴᠢᠷᠯᠠᠨ ᠶᠠᠷᠢᠯ᠎ᠠ   ᠃ ᠲᠡᠷᠡ ᠪᠠᠰᠠ ᠦᠪᠡᠷ ᠦᠨ ᠰᠢᠨᠵᠢᠯᠡᠨ ᠰᠤᠳᠤᠯᠵᠤ ᠡᠬᠦᠳᠦᠨ ᠵᠤᠬᠢᠶᠠᠭᠰᠠᠨ  ᠬᠡᠳᠦᠨ ᠮᠢᠩᠭᠠᠨ ᠰᠢᠨ᠎ᠡ ᠨᠡᠷ᠎ᠡ ᠲᠣᠮᠢᠶ᠎ᠠ ᠪᠠᠨ  ᠪᠠᠭᠰᠢ ᠨᠠᠷ ᠲᠤ ᠬᠦᠷᠬᠡᠵᠤ ᠬᠢᠨᠠᠯᠳᠠ ᠪᠤᠯᠭᠠᠬᠤ ᠪᠡᠷ ᠪᠤᠯᠤᠭᠰᠠᠨ ᠪᠠᠢᠨ᠎ᠠ ᠃

      ᠠᠮᠸᠷᠢᠺᠠ ᠲᠤ ᠠᠵᠢᠯ ᠦᠢᠯᠡᠰ ᠪᠤᠰᠬᠠᠨ  ᠬᠢᠯᠠᠷᠠᠭᠤᠯᠵᠤ  ᠶᠠᠪᠤᠭ᠎ᠠ ᠴᠢᠩᠵᠤᠷᠢᠭᠳᠤ ᠭᠤᠸᠠᠢ ᠠᠴᠠ ᠭᠠᠳᠠᠭᠠᠳᠤ ᠲᠤᠳᠤᠭᠠᠳᠤ ᠶᠢᠨ ᠰᠤᠶᠤᠯ ᠰᠡᠳᠬᠢᠴᠡ ᠵᠢᠨ ᠵᠥᠷᠢᠶ᠎ᠡ ᠂ ᠦᠪᠡᠷ ᠦᠨ ᠡᠷᠬᠢᠯᠡᠵᠤ ᠪᠠᠢᠭ᠎ᠠ ᠠᠵᠤ ᠦᠢᠯᠡᠰ ᠂《 ᠬᠡᠳᠦᠢ ᠦᠨᠳᠦᠰᠦᠳᠡᠨ ᠦ ᠪᠤᠯᠬᠤ ᠲᠤᠳᠤᠮ ᠲᠡᠳᠦᠢ ᠲᠡᠯᠡᠬᠡᠢ ᠶᠢᠨ ᠪᠤᠯᠬᠤ 》ᠬᠡᠳᠡᠭ ᠶᠤᠰᠤ ᠤᠴᠢᠷ ᠢ  ᠤᠬᠠᠭᠠᠷᠠᠭᠰᠠᠨ ᠂  ᠬᠠᠷᠢ ᠭᠠᠳᠠᠭᠠᠳᠤ ᠳᠤ ᠤᠴᠢᠭᠠᠳ ᠰᠠᠶᠢ ᠦᠪᠡᠷ ᠦᠨ ᠦᠨᠳᠦᠰᠦᠳᠡᠨ ᠦ ᠪᠠᠨ ᠠᠭᠤᠤ ᠶᠡᠬᠡ ᠬᠡᠰᠡᠨ ᠢ ᠮᠡᠳᠡᠭᠰᠡᠨ ᠂ ᠠᠮᠸᠷᠢᠺᠠ ᠶᠢᠨ ᠠᠢᠯ ᠬᠡᠷ  ᠪᠤᠯᠭᠠᠨ ᠳᠤ ᠪᠠᠷᠤᠭ  ᠴᠢᠩᠬᠢᠰ ᠬᠠᠭᠠᠨ ᠤ ᠲᠤᠬᠠᠢ ᠨᠤᠮ ᠪᠠᠢᠵᠤ ᠂ ᠲᠡᠳᠡ ᠮᠠᠨ ᠠᠴᠠ ᠢᠯᠡᠬᠦᠦ ᠮᠠᠨ ᠤ ᠦᠨᠳᠦᠰᠦᠳᠡᠨ ᠢ ᠤᠢᠯᠭᠠᠵᠤ ᠪᠠᠢᠭ᠎ᠠ ᠂  ᠤᠳᠤ ᠦᠪᠡᠷ ᠦᠨ ᠦᠨᠳᠦᠰᠦᠲᠡᠨ  ᠦ ᠪᠠᠨ  ᠲᠡᠤᠬᠡ ᠰᠤᠶᠤᠯ ᠢ  ᠬᠠᠷᠢ ᠭᠠᠳᠠᠭᠠᠳᠤ ᠶᠢᠨ ᠬᠢᠨ ᠳᠦ ᠲᠠᠨᠢᠯᠴᠠᠭᠤᠯᠬᠤ ᠶᠢ ᠵᠤᠷᠢᠵᠤ ᠂ ᠨᠤᠳᠤᠭ ᠲᠤ ᠪᠠᠨ ᠦᠨᠳᠦᠰᠦᠳᠡᠨ ᠦ ᠲᠡᠤᠬᠡ ᠰᠤᠶᠤᠯ ᠤᠨ ᠬᠦᠷᠢᠶᠡᠯᠡᠩ ᠪᠠᠢᠭᠤᠯᠵᠤ ᠪᠠᠢᠭ᠎ᠠ ᠵᠡᠷᠬᠡ ᠪᠠᠨ ᠶᠠᠷᠢᠭᠰᠠᠨ ᠪᠠᠢᠨ᠎ᠠ  ᠃ ᠴᠢᠩᠵᠤᠷᠢᠭᠳᠤ  ᠭᠤᠸᠠᠢ ᠪᠤᠯ ᠭᠠᠯ ᠵᠠᠯᠠᠭᠤ ᠨᠠᠰᠤᠨ ᠳᠤ ᠪᠠᠨ ᠬᠠᠷᠢ ᠤᠯᠤᠰ ᠲᠤ ᠦᠢᠯᠡᠰ ᠪᠤᠰᠬᠠᠨ ᠠᠮᠵᠢᠯᠳᠠ ᠤᠯᠤᠭᠰᠠᠨ ᠴᠦᠬᠡᠨ ᠮᠤᠩᠭᠤᠯ ᠵᠠᠯᠠᠭᠤᠴᠤᠳ ᠦᠨ  ᠨᠢᠬᠡ ᠶᠤᠮ ᠃ ᠲᠡᠬᠦᠨ ᠦ ᠦᠨᠳᠦᠰᠦᠳᠡᠨ ᠦ ᠤᠯᠠᠮᠵᠢᠯᠠᠯᠳᠤ ᠢᠯᠢᠵᠤ ᠨᠤᠬᠤᠯᠠᠬᠤ ᠮᠡᠷᠬᠡᠵᠢᠯ ᠨᠢ ᠬᠠᠷᠢ ᠭᠠᠳᠠᠭᠠᠳᠤ ᠶᠢᠨ ᠬᠦᠮᠤᠰ ᠲᠤ ᠶᠡᠬᠡᠪᠡᠷ ᠲᠠᠭᠠᠯᠠᠭᠳᠠᠨ  ᠮᠠᠰᠢ ᠤᠯᠠᠨ ᠲᠡᠯᠡᠬᠡᠢ ᠶᠢᠨ  ᠨᠡᠷᠡᠳᠤ ᠬᠦᠮᠤᠰ ᠲᠡᠬᠦᠨ ᠡᠴᠡ  ᠡᠮᠴᠢᠯᠡᠬᠡ   ᠬᠦᠷᠳᠡᠵᠡᠢ ᠃ ᠵᠢᠱᠢᠶᠡᠯᠡᠪᠡᠯ ᠲᠡᠯᠡᠬᠡᠢ ᠶᠢᠨ ᠨᠢᠬᠡᠨ ᠦᠶ᠎ᠡ ᠵᠢᠨ ᠠᠯᠳᠠᠷᠳᠤ  ᠨᠢᠳᠤᠷᠭᠠᠴᠢᠨ ᠲᠠᠢᠰᠸᠨ ᠲᠤᠰᠠᠬᠠᠢᠯᠠᠨ ᠲᠡᠬᠦᠨ ᠢ ᠡᠷᠢᠵᠤ ᠡᠮᠴᠢᠯᠡᠬᠡ ᠬᠢᠯᠬᠡᠵᠡᠢ  ᠃

       ᠱᠤᠸᠠᠩ ᠱᠢ ᠭᠤᠸᠠᠢ ᠡᠴᠡ ᠦᠪᠡᠷ ᠦᠨ ᠪᠠᠷᠢᠮᠵᠢᠶ᠎ᠠ ᠠᠪᠢᠶ᠎ᠠ ᠪᠡᠷ ᠶᠠᠷᠢᠬᠤ ᠶᠢ ᠪᠠᠷᠢᠮᠳᠠᠯᠠᠨ  ᠴᠢᠷᠮᠠᠢᠵᠤ ᠢᠷᠡᠭᠰᠡᠨ ᠦᠩᠬᠡᠷᠡᠯᠳᠡ  ᠂ ᠮᠤᠩᠭᠤᠯᠴᠤᠳ ᠤᠨ ᠲᠡᠤᠬᠡ ᠰᠤᠶᠤᠯ ᠵᠢᠡᠨ ᠤᠢᠯᠭᠠᠵᠤ ᠮᠡᠳᠡᠬᠦ ᠶᠢᠨ ᠴᠢᠬᠤᠯᠠ ᠴᠢᠨᠠᠷ ᠂ ᠮᠤᠩᠭᠤᠯᠴᠤᠳ ᠶᠠᠭᠠᠬᠢᠭᠰᠠᠨ ᠴᠤ ᠪᠦᠬᠦᠳᠡᠬᠡᠷ ᠵᠢᠡᠨ 《ᠮᠤᠩᠭᠤᠯ ᠤᠨ ᠨᠢᠭᠤᠴᠠ ᠲᠤᠪᠴᠢᠶᠠᠨ 》‍᠎ ᠢ ᠦᠵᠡᠭᠰᠡᠨ ᠪᠠᠢᠬᠤ  ᠂ ᠴᠢᠩᠬᠢᠰ ᠦᠨ ᠪᠢᠯᠢᠭ᠌ ᠰᠤᠷᠭᠠᠯ ᠢ ᠤᠢᠯᠭᠠᠵᠤ ᠴᠡᠬᠡᠵᠢᠯᠡᠭᠰᠡᠨ ᠪᠠᠢᠬᠤ ᠂ ᠢᠩᠬᠢᠪᠡᠯ ᠪᠢᠳᠡ ᠰᠡᠶᠢ ᠦᠨᠳᠦᠰᠦᠳᠡᠨ ᠦ ᠪᠠᠨ ᠰᠤᠶᠤᠯ ᠰᠡᠳᠬᠢᠬᠦᠢ ᠪᠠᠨ ᠬᠠᠳᠠᠭᠠᠯᠠᠵᠤ ᠂ ᠦᠷ᠎ᠡ ᠬᠣᠢᠴᠢᠰ ᠵᠢᠡᠨ ᠮᠤᠩᠭᠤᠯ ᠪᠤᠯᠭᠠᠵᠤ ᠬᠦᠮᠦᠵᠢᠬᠦᠯᠵᠤ ᠴᠢᠳᠠᠬᠤ ᠂ ᠬᠡᠯᠡᠨ ᠦ ᠴᠡᠪᠡᠷᠰᠢᠯ ᠢ ᠬᠠᠳᠠᠭᠠᠯᠠᠬᠤ ᠬᠡᠪᠡᠯ ᠨᠡᠷ᠎ᠡ ᠲᠤᠮᠢᠶᠠᠨ ᠠᠴᠠ ᠭᠠᠷᠳᠠᠵᠤ ᠦᠪᠡᠷ ᠦᠨ ᠦᠨᠳᠦᠰᠦᠳᠡᠨ ᠦ ᠪᠠᠨ ᠰᠡᠳᠬᠢᠬᠦᠢ ᠡᠴᠡ ᠦᠨᠳᠦᠰᠦᠯᠡᠵᠤ ᠨᠡᠷᠡᠯᠡᠬᠦ ᠂ ᠮᠣᠩᠭᠤᠯᠴᠤᠳ ᠬᠦᠨ ᠤᠬᠠᠭᠠᠨ ᠦᠬᠡᠢ ᠬᠡᠰᠡᠨ ᠬᠠᠷᠢ ᠬᠦᠮᠤᠨ ᠤ  ᠬᠦᠳᠬᠡᠯ ᠢ ᠴᠢᠩᠭᠢᠰ ᠬᠠᠭᠠᠨ ᠤ ᠬᠦᠨ ᠤᠬᠠᠭᠠᠨ ᠤ ᠪᠤᠳᠠᠳᠤ ᠦᠢᠯᠡᠳᠦᠯᠬᠡ ᠪᠠᠷ ᠨᠢᠴᠤᠭᠠᠭᠰᠠᠨ  ᠂ ᠮᠠᠨᠳᠤᠨ ᠰᠡᠷᠬᠦᠬᠦ ᠵᠢᠨ ᠵᠢᠱᠢᠶ᠎ᠡ  ᠪᠤᠯᠤᠭᠰᠠᠨ ᠢᠪᠷᠠᠢᠴᠤᠳ ᠠᠴᠠ ᠪᠢᠳᠡ ᠶᠠᠭᠤ ᠶᠠᠭᠤ ᠶᠢ ᠨᠢ ᠲᠠᠭᠠᠨ ᠰᠤᠷᠤᠯᠴᠠᠬᠤ ᠬᠡᠬᠦ ᠮᠡᠳᠤ ᠵᠢᠨ ᠬᠦᠨ ᠤᠬᠠᠭᠠᠯᠢᠭ ᠶᠠᠷᠢᠶ᠎ᠠ ᠲᠠᠯᠪᠢᠵᠠᠢ   ᠃

      ᠲᠠᠢᠯᠦᠮᠵᠢ ᠶᠢᠨ ᠲᠠᠷᠠᠭ᠎ᠠ ᠴᠢᠯᠦᠬᠡᠳᠦ ᠶᠠᠷᠢᠯᠴᠠᠭ᠎ᠠ ᠬᠢᠵᠤ  ᠠᠰᠠᠭᠤᠯᠳᠠ ᠬᠠᠷᠢᠭᠤᠯᠳᠠ ᠶᠢᠨ ᠬᠡᠯᠪᠡᠷᠢ ᠪᠡᠷ ᠪᠠᠭᠰᠢ ᠨᠠᠷ ᠲᠠᠢ ᠶᠠᠷᠢᠯᠴᠠᠪᠠ ᠃

      ᠠᠮᠤᠭᠤᠯᠠᠩ ᠵᠠᠬᠢᠷᠤᠯ ᠳ᠋ᠦᠩᠨᠡᠯᠲᠡ ᠵᠢᠨ  ᠶᠠᠷᠢᠶᠠᠨ ᠳᠤ ᠪᠠᠨ ᠄ ᠮᠤᠩᠭᠤᠯᠴᠤᠳ ᠤᠨ ᠤᠳᠤ ᠳᠤ ᠲᠤᠯᠲᠠᠯ᠎ᠠ ᠲᠡᠤᠬᠡ ᠰᠤᠶᠤᠯ ᠵᠢᠡᠨ ᠠᠪᠴᠤ ᠦᠯᠡᠳᠡᠵᠤ ᠴᠢᠳᠠᠭᠰᠠᠨ ᠤ ᠵᠢᠩᠬᠢᠨᠢ  ᠰᠢᠯᠳᠠᠭᠠᠨ ᠨᠢ ᠦᠬᠡ ᠬᠡᠯᠡᠨ ᠳᠦ ᠨᠢ ᠮᠠᠰᠢ ᠠᠮᠢᠵᠢᠷᠠᠯ ᠤᠨ ᠬᠦᠴᠦᠨ ᠪᠦᠬᠦᠢ  ᠰᠦᠭ ᠰᠦᠨᠡᠰᠦ  ᠬᠠᠳᠠᠭᠠᠯᠠᠭᠳᠠᠵᠤ ᠪᠠᠢᠭᠰᠠᠨ  ᠂ ᠮᠤᠩᠭᠤᠯ ᠦᠬᠡᠰ ᠦᠨ ᠰᠠᠩ ᠳᠤ ᠦᠬᠡᠳᠡ ᠡᠰᠡᠷᠡᠭ ᠂  ᠪᠡᠯᠬᠡ  ᠲᠡᠮᠪᠡᠷᠡᠯ ᠪᠦᠬᠦᠢ  ᠢᠳᠡᠪᠬᠢ ᠴᠢᠨᠠᠷ ᠲᠠᠢ ᠦᠬᠡ ᠵᠤᠩᠬᠢᠯᠠᠬᠤ ᠶᠢ ᠡᠵᠡᠯᠡᠳᠡᠭ  ᠂ ᠨᠠᠵᠠᠭᠠᠢ ᠬᠤᠢᠷᠭᠤ ᠦᠵᠡᠯ ᠰᠠᠨᠠᠭ᠎ᠠ ᠶᠢ ᠰᠤᠷᠳᠠᠯᠴᠢᠯᠠᠭᠰᠠᠨ  ᠦᠬᠡ ᠴᠦᠬᠡᠨ ᠪᠠᠢᠭᠰᠠᠨ ᠂ ᠡᠬᠦᠨ ᠢ  ᠲᠡᠤᠬᠡ ᠰᠤᠶᠤᠯ ᠵᠢᠡᠨ ᠠᠯᠳᠠᠭᠰᠠᠨ ᠵᠠᠷᠢᠮ ᠤᠨᠳᠤᠤ ᠰᠠᠨᠠᠭ᠎ᠠ ᠲᠠᠢ  ᠦᠨᠳᠦᠰᠦᠳᠡᠨ ᠢᠯᠡᠷᠡᠬᠦᠯᠦᠬᠡᠳ ᠮᠤᠩᠭᠤᠯ ᠦᠬᠡᠰ ᠦᠨ ᠰᠠᠩ ᠳᠤ ᠨᠠᠵᠠᠭᠠᠢ ᠴᠢᠨᠠᠷ ᠲᠠᠢ ᠦᠬᠡᠰ ᠢ  ᠴᠢᠬᠢᠵᠤ ᠬᠡᠯᠡᠨ ᠦ ᠬᠠᠮᠠᠭᠤ ᠰᠡᠳᠬᠢᠬᠦᠢ ᠶᠢᠨ ᠤᠨᠳᠤᠤᠰᠢᠯ ᠢ ᠡᠬᠦᠰᠬᠡᠭᠰᠡᠨ  ᠃ ᠵᠢᠱᠢᠶᠡᠯᠡᠪᠡᠯ  ᠄ 《 ᠠᠶᠤᠮᠠᠷ 》‍᠎ ᠬᠡᠳᠡᠭ ᠦᠬᠡ ᠂ ᠤᠤᠯ ᠨᠢ ᠮᠤᠩᠭᠤᠯᠴᠤᠳ ᠶᠠᠭᠤᠨ ᠠᠴᠠ ᠴᠤ ᠠᠶᠤᠬᠤ ᠦᠬᠡᠢ ᠵᠠᠩ ᠴᠢᠨᠠᠷ ᠲᠠᠢ  ᠪᠠᠢᠭᠰᠠᠨ ᠂ ᠲᠤᠰ ᠦᠬᠡ ᠤᠷᠤᠵᠤ ᠢᠷᠡᠭᠰᠡᠨ ᠡᠴᠡ ᠮᠤᠩᠭᠤᠯᠴᠤᠳ ᠦᠨ  ᠰᠡᠳᠬᠢᠬᠦᠢ ᠳᠦ ᠬᠤᠪᠢᠷᠠᠯᠳᠠ ᠭᠠᠷᠤᠭᠰᠠᠨ ᠬᠡᠬᠦ ᠮᠡᠳᠤ ᠵᠢᠨ ᠦᠪᠡᠷᠮᠢᠴᠡ ᠰᠢᠨ᠎ᠡ ᠦᠵᠡᠯᠳᠡ ᠪᠠᠨ ᠲᠤᠷᠠᠳᠤᠭᠰᠠᠨ ᠪᠠᠢᠨ᠎ᠠ ᠃ ᠪᠠᠰᠠ ᠡᠳᠦᠷ ᠲᠤᠳᠤᠮ ᠤᠨ ᠶᠠᠷᠢᠶᠠᠨ ᠦ ᠬᠡᠯᠡᠨ ᠳᠦ ᠵᠢᠬᠡᠯᠡᠯᠬᠡ ᠦᠬᠡ ᠡᠴᠡ ᠡᠬᠦᠰᠦᠯᠳᠠᠢ ᠬᠠᠴᠢᠨ ᠰᠤᠨᠢᠨ ᠢᠯᠡᠬᠦᠴᠡ ᠦᠬᠡ ᠤᠯᠠᠨ ᠪᠤᠯᠵᠤ ᠪᠠᠢᠭ᠎ᠠ ᠶᠢ ᠪᠤᠳᠠᠳᠤ ᠵᠢᠱᠢᠶ᠎ᠡ  ᠪᠡᠷ ᠲᠤᠷᠠᠳᠴᠤ ᠂ ᠬᠤᠢᠰᠢᠳᠠ ᠬᠡᠯᠡᠵᠤ ᠶᠠᠷᠢᠬᠤ ᠶᠢ ᠴᠡᠬᠡᠷᠯᠡᠬᠦ ᠶᠢ ᠬᠦᠰᠡᠭᠰᠡᠨ ᠪᠠᠢᠨ᠎ᠠ ᠃

      ᠡᠢᠮᠤ ᠠᠴᠠ ᠲᠤᠰ ᠤᠳᠠᠭᠠᠨ ᠤ ᠲᠠᠢᠯᠦᠮᠵᠢ ᠵᠢᠨ ᠬᠤᠷᠠᠯ ᠨᠢ ᠮᠠᠰᠢ  ᠴᠠᠭ ᠲᠤ ᠪᠠᠨ ᠲᠤᠬᠢᠷᠠᠭᠰᠠᠨ ᠤᠴᠢᠷ ᠠᠭᠤᠯᠭ᠎ᠠ ᠬᠦᠨ ᠲᠠᠢᠯᠦᠮᠵᠢ ᠶᠢᠨ ᠬᠤᠷᠠᠯ ᠪᠤᠯᠤᠭᠰᠠᠨ ᠪᠠᠢᠨ᠎ᠠ  ᠃

 

 

 

 

 

 

 

 

 

 

 

 

 

 

 

 

 

 

 

 

 

 

 

 

 

 

 

 

 

 

 

 

 

 

 

 

 

 

 

  

 

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )