ᠰᠤᠷᠭᠠᠭᠤᠯᠢ ᠶᠢᠨ ᠮᠡᠳᠡᠭᠡ
ᠮᠠᠨ ᠤ ᠰᠤᠷᠭᠠᠭᠤᠯᠢ ᠶᠢᠨ ᠵᠠᠯᠠᠭᠤ ᠪᠠᠭᠰᠢ ᠨᠠᠷ ᠤᠨ ᠪᠤᠯᠪᠠᠰᠤᠷᠠᠯ ᠡᠬᠢᠯᠡᠯ᠎ᠡ
2017.10.12 ᠲᠣᠰ ᠥᠷᠲᠡᠭᠡᠨ ᠦ ᠨᠠᠢᠷᠠᠭᠤᠯᠤᠭᠴᠢ

     2017᠂10᠂10 ᠡᠳᠦᠷ ᠡᠴᠡ  ᠮᠠᠨ ᠤ ᠰᠤᠷᠭᠠᠭᠤᠯᠢ ᠶᠢᠨ ᠵᠠᠯᠠᠭᠤ ᠪᠠᠭᠰᠢ ᠨᠠᠷ ᠤᠨ ᠪᠤᠯᠪᠠᠰᠤᠷᠠᠯ ᠵᠢᠩᠬᠢᠨᠢ ᠪᠡᠷ ᠡᠬᠢᠯᠡᠪᠡ ᠃ ᠪᠤᠯᠪᠠᠰᠤᠷᠠᠯ ᠤᠨ ᠠᠭᠤᠯᠭ᠎ᠠ ᠳᠤ ᠭᠤᠤᠯᠳᠠᠭᠤ ᠪᠠᠭᠰᠢ ᠬᠦᠮᠤᠨ ᠤ ᠪᠦᠷᠢᠯᠳᠦᠬᠦᠯᠪᠡᠰᠤ ᠵᠤᠬᠢᠬᠤ ᠦᠨᠳᠦᠰᠦᠨ ᠡᠬᠦᠷᠬᠡ ᠪᠤᠯᠬᠤ ᠬᠠᠢᠷ᠎ᠠ ᠬᠠᠷᠢᠭᠤᠴᠠᠯᠭ᠎ᠠ ᠂ ᠲᠤᠬᠠᠢᠯᠠᠭᠰᠠᠨ ᠠᠵᠢᠯ ᠳᠤ ᠪᠠᠨ ᠬᠠᠢᠷᠠᠳᠠᠢ ᠲᠤᠷᠠᠳᠠᠢ ᠪᠤᠯᠬᠤ ᠶᠤᠰᠤ ᠤᠴᠢᠷ ᠂ ᠮᠡᠳᠡᠯᠬᠡ ᠮᠡᠳᠡᠴᠡ ᠶᠢᠨ ᠬᠦᠷᠢᠶ᠎ᠡ ᠴᠠᠷ᠎ᠠ ᠪᠠᠨ ᠬᠡᠷᠬᠢᠨ ᠦᠷᠬᠡᠳᠬᠡᠬᠦ ᠂ ᠬᠢᠴᠢᠶᠡᠯᠯᠡᠬᠦ ᠤᠷ᠎ᠠ ᠳᠡᠮ ᠂ ᠦᠵᠡᠯ ᠰᠤᠷᠳᠠᠯ ᠵᠢᠡᠨ ᠬᠡᠷᠬᠢᠨ ᠦᠷᠬᠦᠯᠵᠢᠯᠡᠨ ᠲᠡᠬᠦᠯᠳᠡᠷᠵᠢᠬᠦᠯᠬᠦ ᠵᠡᠷᠬᠡ ᠲᠠᠯ᠎ᠠ ᠪᠠᠷ  ᠭᠤᠤᠯᠴᠢᠯᠠᠨ ᠵᠢᠯᠤᠭᠤᠳᠬᠤ ᠪᠣᠯᠤᠨ᠎ᠠ  ᠃

    ᠠᠬᠠᠮᠠᠳ ᠪᠠᠭᠰᠢ ᠴᠤᠭᠳᠤ ᠪᠤᠯᠪᠠᠰᠤᠷᠠᠯ ᠢ ᠶᠡᠷᠦᠩᠬᠡᠢ  ᠳᠦ ᠨᠢ ᠬᠠᠷᠢᠭᠤᠴᠠᠵᠤ ᠂ ᠠᠷᠤ ᠬᠤᠷᠴᠢᠨ ᠬᠤᠰᠢᠭᠤᠨ ᠤ ᠵᠢᠭᠠᠬᠤ ᠶᠢ ᠰᠤᠳᠤᠯᠬᠤ ᠲᠠᠰᠤᠭ ᠤᠨ ᠪᠠᠶᠠᠨᠪᠤᠯᠠᠭ ᠪᠠᠭᠰᠢ ᠶᠢ ᠤᠷᠢᠵᠤ ᠲᠤᠰᠠᠬᠠᠢ ᠲᠠᠢᠯᠦᠮᠵᠢ ᠬᠢᠯᠬᠡᠬᠦ ᠪᠡᠷ ᠡᠬᠢᠯᠡᠯᠳᠡ ᠪᠤᠯᠭᠠᠨ  ᠂ ᠲᠠᠷᠠᠭ᠎ᠠ ᠨᠢ ᠨᠢᠩᠪᠤ ᠂ ᠡᠷᠳᠡᠨᠢᠪᠠᠶᠠᠷ ᠂ ᠰᠤᠪᠤᠳ ᠵᠡᠷᠬᠡ ᠵᠢᠭᠠᠨ ᠰᠤᠷᠭᠠᠯᠳᠠ ᠶᠢᠨ ᠲᠠᠯ᠎ᠠ ᠪᠡᠷ ᠪᠠᠶᠠᠯᠢᠭ ᠲᠤᠷᠰᠢᠯᠭ᠎ᠠ ᠲᠠᠢ ᠪᠠᠭᠰᠢ ᠨᠠᠷ ᠵᠢᠡᠷ ᠪᠤᠳᠠᠳᠠᠢ ᠵᠢᠯᠤᠭᠤᠳᠤᠯᠭ᠎ᠠ ᠬᠢᠯᠬᠡᠪᠡ  ᠃ ᠳᠡᠳᠡ ᠪᠠᠭᠰᠢ ᠬᠦᠮᠤᠨ ᠤ ᠡᠷᠬᠢᠮ ᠲᠡᠬᠡᠳᠦ ᠴᠢᠨᠠᠷ ᠂ ᠡᠬᠦᠷᠬᠡ ᠬᠠᠷᠢᠭᠤᠴᠠᠯᠭ᠎ᠠ ᠂ ᠬᠦᠴᠢᠷ ᠪᠡᠷᠬᠡ ᠂ ᠪᠠᠶᠠᠰᠤᠯ ᠵᠤᠪᠠᠯ ᠵᠡᠷᠬᠡ ᠶᠢ ᠦᠪᠡᠷ ᠦᠨ ᠦᠩᠬᠡᠷᠡᠯᠳᠡ ᠲᠠᠢ ᠪᠠᠨ  ᠤᠶᠠᠯᠳᠤᠭᠤᠯᠤᠨ ᠠᠮᠢᠳᠤᠯᠢᠭ ᠰᠠᠢᠬᠠᠨ ᠶᠠᠷᠢᠭᠰᠠᠨ ᠠᠴᠠ ᠵᠠᠯᠠᠭᠤ ᠪᠠᠭᠰᠢᠨᠠᠷ ᠤᠨ ᠬᠠᠯᠠᠭᠤᠨ ᠬᠦᠷᠢᠶᠡᠯᠡᠯ  ᠢ ᠤᠯᠵᠤ ᠲᠡᠳᠡᠨ ᠦ ᠬᠤᠵᠢᠮ ᠤᠨ ᠵᠢᠭᠠᠨ ᠰᠤᠷᠭᠠᠯᠳᠠ  ᠵᠢᠨ ᠠᠵᠢᠯ ᠳᠤ ᠨᠢ ᠮᠠᠰᠢ ᠶᠡᠬᠡ ᠢᠳᠡᠬᠡᠯ  ᠵᠤᠷᠢᠭ  ᠢ ᠤᠯᠭᠤᠭᠰᠠᠨ  ᠪᠠᠢᠨ᠎ᠠ ᠃ ᠡᠨᠡᠬᠦ ᠪᠤᠯᠪᠠᠰᠤᠷᠠᠯ ᠨᠢ ᠦᠷᠬᠦᠯᠵᠢᠯᠡᠨ ᠶᠠᠪᠤᠭᠳᠠᠬᠤ ᠪᠦᠬᠡᠳ ᠪᠤᠰᠤᠳ ᠵᠢᠭᠠᠨ ᠰᠤᠷᠭᠠᠯᠳᠠ ᠳᠤ ᠪᠠᠨ ᠴᠠᠭᠠᠷᠠᠭᠰᠠᠨ ᠠᠬᠠᠮᠠᠳ ᠪᠠᠭᠰᠢ ᠨᠠᠷ  ᠪᠠ ᠤᠨᠴᠠᠭᠠᠢ ᠤᠷ᠎ᠠ ᠠᠪᠢᠶᠠᠰ ᠲᠠᠢ ᠪᠠᠭᠰᠢ ᠨᠠᠷ  ᠢ ᠤᠷᠢᠨ ᠵᠢᠯᠤᠭᠤᠳᠤᠯᠬᠤ ᠪᠡᠷ ᠪᠠᠢᠨ᠎ᠠ ᠃  

 

 

 

 

 

 

 

 

 

 

 

 

 

 

 

 

 

 

 

 

 

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )