ᠰᠤᠷᠭᠠᠭᠤᠯᠢ ᠶᠢᠨ ᠮᠡᠳᠡᠭᠡ
ᠨᠠᠢ᠍ᠮᠠᠳᠤᠭᠠᠷ ᠤᠳᠠᠭᠠᠨ ᠊ᠤ᠌《 ᠤᠪᠤᠭᠠᠨ ᠴᠢᠯᠠᠭᠤ》 ᠪᠦᠬᠡ ᠵᠢᠨ ᠨᠠᠢᠷ
2016.09.14 ᠲᠣᠰ ᠥᠷᠲᠡᠭᠡᠨ ᠦ ᠨᠠᠢᠷᠠᠭᠤᠯᠤᠭᠴᠢ

    《ᠣᠪᠤᠭᠠᠨ ᠴᠢᠯᠠᠭᠤ 》 ᠪᠥᠬᠡ ᠶᠢᠨ ᠨᠡᠢᠭᠡᠮᠯᠢᠭ ᠤᠨ ᠵᠤᠷᠰᠢᠯ ᠶᠣᠰᠤᠭᠠᠷ ᠨᠠᠢᠷ ᠤᠨ ᠳᠠᠭᠠᠭᠠᠮᠠᠯ ᠴᠣᠭᠲᠤ ᠂ ᠴᠢᠷᠮᠠᠢᠯᠳᠦ ᠲᠦᠯᠦᠬᠡᠯᠡᠬᠦᠯᠦᠭᠰᠡᠨ ᠨᠡᠢᠭᠡᠮᠯᠢᠭ ᠤᠨ ᠭᠡᠰᠢᠭᠦᠳ ᠡᠴᠡ 2015 ᠣᠨ ᠤ 5 ᠰᠠᠷ᠎ᠠ ᠶᠢᠨ 21  ᠊ᠤ᠌ ᠡᠳᠦᠷ ᠨᠠᠢ᠍ᠮᠠᠳᠤᠭᠠᠷ ᠤᠳᠠᠭᠠᠨ ᠤ 《ᠣᠪᠤᠭᠠᠨ ᠴᠢᠯᠠᠭᠤ 》 ᠮᠣᠩᠭᠤᠯ ᠪᠥᠬᠡ ᠶᠢᠨ ᠨᠠᠢᠷ ᠢ ᠡᠷᠬᠢᠯᠡᠨ ᠶᠠᠪᠤᠭᠳᠠᠭᠤᠯᠤᠭᠰᠠᠨ ᠪᠠᠢᠨ᠎ᠠ ᠃ ᠡᠨᠡ ᠤᠳᠠᠭᠠᠨ ᠤ ᠨᠠᠢᠷ ᠲᠤ ᠪᠠᠨ ᠮᠥᠨ ᠮᠣᠩᠭᠤᠯ ᠬᠥᠮᠦᠨ ᠤ ᠡᠷᠬᠢᠯᠡᠵᠦ ᠪᠠᠢᠭ᠎ᠠ ᠠᠵᠤ ᠠᠬᠤᠢᠯᠠᠯ ᠂ ᠬᠤᠳᠠᠯᠳᠤᠭ᠎ᠠ ᠳᠡᠯᠭᠡᠭᠦᠷ ᠂ ᠬᠣᠭᠤᠯᠠᠨ ᠬᠡᠷ ᠂ ᠬᠤᠪᠴᠠᠰᠤ ᠵᠠᠰᠠᠯ ᠤᠨ ᠭᠠᠵᠠᠷ ᠵᠡᠷᠭᠡ ᠮᠠᠰᠢ ᠤᠯᠠᠨ ᠬᠠᠯᠠᠭᠤᠨ ᠰᠡᠳᠭᠢᠯ ᠲᠠᠢ ᠬᠤᠪᠢ ᠬᠥᠮᠦᠨ ᠂ ᠠᠵᠤ ᠠᠬᠤᠢᠯᠠᠯ ᠨᠡᠮᠡᠷᠢ ᠬᠠᠨᠳᠢᠪ ᠢᠶᠠᠨ ᠡᠷᠭᠦᠵᠦ ᠂ ᠡᠨᠡ ᠬᠦ ᠰᠣᠶᠤᠯ ᠤᠨ ᠤᠳᠭ᠎ᠠ ᠠᠭᠤᠯᠭ᠎ᠠ ᠲᠠᠢ ᠬᠥᠳᠡᠯᠭᠡᠭᠡᠨ ᠢ ᠬᠠᠯᠠᠭᠤᠨ ᠢᠶᠠᠷ ᠳᠠᠮᠵᠢᠵᠤ ᠂ ᠬᠡᠦᠬᠡᠳ ᠳᠡᠭᠦᠦ ᠨᠠᠷ ᠲᠤ ᠪᠡᠨ ᠤᠷᠮ᠎ᠠ ᠢᠲᠡᠭᠡᠯ ᠢᠶᠠᠨ ᠬᠠᠷᠠᠮ ᠦᠭᠡᠢ ᠬᠠᠢᠷᠠᠯᠠᠭᠰᠠᠨ ᠨᠢ ᠠᠵᠠ ᠲᠠᠢ ᠤᠴᠢᠷ ᠪᠣᠯᠵᠤ ᠪᠢᠯᠡ ᠃ ᠨᠠᠢᠷ ᠲᠤ ᠮᠥᠨ ᠤᠯᠠᠨ ᠪᠠᠭᠰᠢ ᠨᠠᠷ ᠰᠡᠳᠭᠢᠯ ᠤᠨ ᠨᠠᠨᠳᠢᠨ ᠪᠡᠯᠡᠭ ᠂ ᠨᠣᠮ ᠤᠨ ᠴᠠᠭᠠᠨ ᠪᠤᠶᠠᠨ ᠢᠶᠠᠷ ᠢᠪᠡᠭᠡᠨ ᠲᠡᠳᠭᠦᠭᠰᠡᠨ ᠪᠠᠢᠨ᠎ᠠ ᠃ ᠨᠡᠢᠭᠡᠮ ᠤᠨ ᠠᠬᠠᠮᠠᠳ ᠲᠣᠮᠤᠭᠠᠲᠠᠳ ᠂ ᠭᠡᠷ ᠤᠨ ᠠᠬᠠᠮᠠᠳ ᠨᠠᠷ ᠨᠠᠢᠷ ᠤᠨ ᠬᠣᠢᠮᠤᠷ ᠲᠤ ᠰᠠᠭᠠᠲᠠᠵᠤ ᠂ ᠬᠣᠰᠢᠭᠤᠨ ᠤ ᠷᠠᠳᠢᠣ᠋ ᠲᠧᠯᠸᠢᠰ ᠲᠣᠪᠴᠢᠶᠠᠨ ᠤ ᠮᠣᠩᠭᠤᠯ ᠨᠠᠢᠷᠠᠭᠤᠯᠬᠤ ᠬᠡᠯᠲᠡᠰ ᠡᠴᠡ ᠲᠤᠰᠭᠠᠢ ᠰᠤᠷᠪᠤᠯᠵᠢᠯᠠᠭ᠎ᠠ ᠬᠢᠭᠰᠡᠨ ᠪᠠᠢᠨ᠎ᠠ ᠃ ᠲᠤᠰ ᠤᠳᠠᠭᠠᠨ ᠤ ᠨᠠᠢᠷ ᠲᠦ ᠣᠨᠴᠠᠯᠠᠨ ᠲᠡᠮᠳᠡᠭᠯᠡᠭᠦᠰᠢᠲᠡᠢ ᠨᠢ ᠨᠡᠩ ᠤᠯᠠᠨ ᠰᠤᠷᠤᠭᠴᠢᠳ ᠢ ᠪᠥᠬᠡ ᠶᠢᠨ ᠪᠠᠷᠢᠯᠳᠤᠭᠠᠨ ᠳᠤ ᠣᠷᠤᠯᠴᠠᠭᠤᠯᠬᠤ ᠶᠢᠨ ᠵᠣᠷᠢᠯᠭ᠎ᠠ ᠪᠠᠷ ᠠᠩᠬ᠎ᠠ ᠳᠤᠮᠳᠠᠳᠤ ᠂ ᠳᠡᠭᠡᠳᠦ ᠳᠤᠮᠳᠠᠳᠤ ᠶᠢᠨ ᠲᠤᠰ ᠲᠤᠰ ᠡᠷᠡᠭᠲᠡᠢ ᠡᠮᠡᠭᠲᠡᠢ ᠪᠥᠬᠡ ᠶᠢᠨ ᠨᠡᠢᠲᠡ ᠳᠥᠷᠪᠡᠨ ᠳᠤᠭᠤᠢᠯᠠᠩ ᠬᠤᠪᠢᠶᠠᠨ ᠪᠠᠷᠢᠯᠳᠤᠭᠤᠯᠤᠭᠰᠠᠨ ᠪᠠᠢᠨ᠎ᠠ ᠃
ᠳᠡᠭᠡᠳᠦ ᠳᠤᠮᠳᠠᠳᠤ ᠶᠢᠨ 128 ᠡᠷᠡᠭᠲᠡᠢ ᠪᠥᠬᠡ ᠶᠢᠨ ᠪᠠᠷᠢᠯᠳᠤᠭᠠᠨ ᠳᠤ:

    12.1  ᠵᠢᠨ ᠳᠠᠯᠠᠨᠲᠠᠢ ᠲᠡᠷᠢᠭᠦᠯᠡᠵᠦ ᠂

    11.6  ᠵᠢᠨ ᠰᠠᠨᠢᠴᠠᠷ ᠲᠡᠳᠡᠯᠡᠨ ᠂

    11.6  ᠵᠢᠨ ᠲᠡᠷᠭᠡᠯ ᠭᠤᠷᠪᠠᠳᠤᠭᠠᠷ ᠂

    12.2 ᠤ᠋ᠨ ᠥᠷᠭᠡᠨ ᠳᠥᠷᠪᠡᠳᠦᠭᠡᠷ ᠲᠦ ᠲᠣᠳᠤᠷᠠᠭᠰᠠᠨ ᠪᠠᠢᠨ᠎ᠠ ᠃
ᠳᠣᠣᠷ᠎ᠠ ᠳᠥᠷᠪᠡ ᠳᠤ:

    11.6  ᠵᠢᠨ ᠤᠯᠠᠭᠠᠨᠪᠠᠭᠠᠲᠤᠷ ᠂

    12.2  ᠤ᠋ᠨ ᠳᠠᠶᠠᠩ ᠂

    12.1  ᠵᠢᠨ ᠡᠨᠡᠷᠢᠯ ᠂

    12.4  ᠵᠢᠨ ᠭᠠᠩᠭ᠋ᠠᠮᠦ᠋ᠷᠡᠨ ᠨᠠᠷ ᠲᠣᠳᠤᠷᠠᠪᠠ ᠃
ᠳᠡᠭᠡᠳᠦ ᠳᠤᠮᠳᠠᠳᠤ ᠶᠢᠨ 32 ᠡᠮᠡᠭᠲᠡᠢ ᠪᠥᠬᠡ ᠶᠢᠨ ᠪᠠᠷᠢᠯᠳᠤᠭᠠᠨ ᠳᠤ :

    11.6  ᠵᠢᠨ ᠰᠤᠷᠤᠨ᠎ᠠ ᠲᠡᠷᠢᠭᠦᠯᠡᠵᠦ ᠂

    12.1  ᠵᠢᠨ ᠠᠩᠬᠢᠯᠤᠮ᠎ᠠ ᠲᠡᠳᠡᠯᠡᠨ ᠂

    11.2  ᠤ᠋ᠨ ᠰᠠᠨᠢᠴᠠᠷᠮ᠎ᠠ ᠭᠤᠷᠪᠠᠳᠤᠭᠠᠷ ᠂

    12.3  ᠵᠢᠨ ᠬᠤᠷᠠᠴᠡᠴᠡᠭ ᠳᠥᠷᠪᠡᠳᠦᠭᠡᠷ ᠲᠦ ᠳᠤᠳᠤᠷᠠᠭᠰᠠᠨ ᠪᠠᠢᠨ᠎ᠠ ᠃
ᠠᠩᠬ᠎ᠠ ᠳᠤᠮᠳᠠᠳᠤ ᠶᠢᠨ 64 ᠡᠷᠡᠭᠲᠡᠢ ᠪᠥᠬᠡ ᠶᠢᠨ ᠪᠠᠷᠢᠯᠳᠤᠭᠠᠨ ᠳᠤ:

    9.2  ᠤ᠋ᠨ ᠬᠠᠢᠷᠬᠠᠨ ᠲᠡᠷᠢᠭᠦᠯᠡᠵᠦ ᠂

    9.1  ᠳᠠᠪᠠᠯᠭᠠᠨ ᠲᠡᠳᠯᠡᠨ ᠂

    9.1  ᠵᠢᠨ ᠤᠷᠤᠭᠰᠢᠯᠨ ᠭᠤᠷᠪᠠᠳᠤᠭᠠᠷ ᠂

    9.3  ᠵᠢᠨ ᠠᠭᠤᠳᠠᠮ ᠳᠥᠷᠪᠡᠳᠦᠭᠡᠷ ᠲᠦ ᠲᠣᠳᠤᠷᠠᠭᠰᠠᠨ ᠪᠠᠢᠨ᠎ᠠ ᠃
ᠳᠣᠣᠷ᠎ᠠ ᠳᠥᠷᠪᠡ ᠳᠤ :

    9.3  ᠵᠢᠨ ᠪᠠᠢᠭᠠᠯᠢ ᠂

    9.3  ᠵᠢᠨ ᠰᠠᠨᠢᠴᠠᠷ ᠂

    7.2  ᠤ᠋ᠨ ᠴᠢᠭᠢᠷᠠᠭ ᠂ 8.1  ᠵᠢᠨ ᠴᠢᠩ ᠰᠢᠤᠸᠠᠢ ᠨᠠᠷ ᠲᠣᠳᠤᠷᠠᠪᠠ ᠃
ᠠᠩᠬ᠎ᠠ ᠳᠤᠮᠳᠠᠳᠤ ᠶᠢᠨ 32 ᠡᠮᠡᠭᠲᠡᠢ ᠪᠥᠬᠡ ᠶᠢᠨ ᠪᠠᠷᠢᠯᠳᠤᠭᠠᠨ ᠳᠤ:

    9.2  ᠤ᠋ᠨ ᠬᠠᠢ ᠯᠢᠩ ᠲᠡᠷᠢᠭᠦᠯᠡᠵᠦ ᠂

    9.3  ᠵᠢᠨ ᠳ᠋ᠦᠩ ᠮᠧᠢ ᠲᠡᠳᠡᠯᠡᠨ ᠂

    9.3  ᠵᠢᠨ ᠴᠠᠰᠤᠨ᠎ᠠ ᠭᠤᠷᠪᠠᠳᠤᠭᠠᠷ ᠂

    9.2  ᠤ᠋ᠨ ᠯᠢ ᠨᠠ ᠳᠥᠷᠪᠡᠳᠦᠭᠡᠷ ᠲᠦ ᠳᠤᠳᠤᠷᠠᠭᠰᠠᠨ ᠪᠠᠢᠨ᠎ᠠ ᠃

    ᠡᠢᠨᠬᠦ ᠠᠮᠵᠢᠯᠲᠠ ᠶᠢᠨ ᠳᠤᠮᠳᠠ ᠨᠠᠢ᠍ᠮᠠᠳᠤᠭᠠᠷ ᠤᠳᠠᠭᠠᠨ ᠤ ᠨᠠᠢᠷ ᠥᠨᠳᠦᠷᠯᠡᠵᠦ ᠂ ᠨᠠᠢᠷ ᠤᠨ ᠲᠠᠮᠠᠭ᠎ᠠ ᠶᠢ ᠳᠠᠷᠠᠭ᠎ᠠ ᠵᠢᠯ ᠤᠨ ᠨᠠᠢᠷ ᠤᠨ ᠳᠠᠭᠠᠭᠠᠮᠠᠯ ᠬᠡᠰᠢᠭᠳᠦ᠋ᠬᠦᠷᠡᠩ ᠪᠤᠯᠤᠨ ᠪᠦᠯᠬᠦᠮᠳᠡᠯ ᠳᠤ ᠳᠠᠮᠵᠢᠭᠤᠯᠪᠠ ᠃

    ᠰᠤᠷᠤᠭᠴᠢᠳ ᠤᠨ 《 ᠣᠪᠤᠭᠠᠨ ᠴᠢᠯᠠᠭᠤ 》 ᠪᠥᠬᠡ ᠶᠢᠨ ᠨᠡᠢᠭᠡᠮᠯᠢᠭ

            2016 ᠣᠨ ᠤ 5 ᠰᠠᠷ᠎ᠠ ᠶᠢᠨ 21  ᠊ᠤ᠌ ᠡᠳᠦᠷ

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )