ᠲᠠᠮᠢᠷ ᠤᠷᠠᠯᠢᠭ
ᠬᠡᠦᠬᠡᠳ ᠤᠨ ᠲᠣᠭᠯᠠᠭᠠᠮ ᠤᠨ ᠬᠤᠪᠢᠷᠠᠯᠲᠠ
2016.12.28 ᠲᠣᠰ ᠥᠷᠲᠡᠭᠡᠨ ᠦ ᠨᠠᠢᠷᠠᠭᠤᠯᠤᠭᠴᠢ


          ᠬᠥᠮᠦᠨ ᠤ ᠬᠡᠦᠬᠡᠳ ᠦᠶ᠎ᠡ ᠭᠡᠵᠦ ᠬᠥᠭᠡᠷᠦᠬᠦᠢ ᠂ ᠨᠠᠭᠠᠳᠤᠮ ᠲᠣᠭᠯᠠᠭᠠᠮ ᠡᠴᠡ ᠰᠠᠯᠵᠤ ᠴᠢᠳᠠᠬᠤ ᠦᠭᠡᠢ ᠪᠠᠢᠳᠠᠭ ᠃ ᠨᠠᠭᠠᠳᠤᠮ ᠲᠣᠭᠯᠠᠭᠠᠮ ᠨᠢ ᠪᠣᠳᠠᠰ ᠤᠨ ᠠᠮᠢᠳᠤᠷᠠᠯ ᠤᠨ ᠬᠡᠷᠡᠭᠴᠡᠭᠡ ᠪᠤᠯᠤᠨ ᠣᠶᠤᠨ ᠤ ᠠᠮᠢᠳᠤᠷᠠᠯ ᠤᠨ ᠱᠠᠭᠠᠷᠳᠠᠯᠭ᠎ᠠ ᠡᠴᠡ ᠪᠤᠢ ᠪᠣᠯᠤᠭᠰᠠᠨ ᠶᠤᠮ ᠃ ᠨᠠᠭᠠᠳᠤᠮ ᠲᠣᠭᠯᠠᠭᠠᠮ ᠨᠢ ᠬᠥᠭᠵᠢᠯ ᠬᠤᠪᠢᠷᠠᠯ ᠤᠨ ᠢᠶᠠᠨ ᠲᠡᠦᠬᠡᠨ ᠶᠠᠪᠤᠴᠠ ᠳᠤ ᠪᠣᠳᠠᠰ ᠤᠨ ᠠᠮᠢᠳᠤᠷᠠᠯ ᠤᠨ ᠱᠠᠭᠠᠷᠳᠠᠯᠭ᠎ᠠ ᠶᠢ ᠬᠠᠩᠭᠠᠬᠤ ᠴᠢᠳᠠᠪᠬᠢ ᠨᠢ ᠤᠯᠠᠮ ᠡᠴᠡ ᠨᠢᠮᠬᠡᠷᠡᠵᠤ ᠂ ᠣᠶᠤᠨ ᠤ ᠠᠮᠢᠳᠤᠷᠠᠯ ᠤᠨ ᠱᠠᠭᠠᠷᠳᠠᠯᠭ᠎ᠠ ᠶᠢ ᠬᠠᠩᠭᠠᠬᠤ ᠴᠢᠳᠠᠪᠬᠢ ᠨᠢ ᠨᠡᠩ ᠲᠣᠪᠤᠢᠮ᠎ᠠ ᠪᠣᠯᠵᠠᠢ ᠃ ᠲᠡᠭᠡᠭᠡᠳ ᠲᠡᠷᠡ ᠴᠠᠭ ᠦᠶ᠎ᠡ ᠶᠢᠨ ᠢᠶᠠᠨ ᠠᠮᠢᠳᠤᠷᠠᠯ ᠣᠷᠴᠢᠨ ᠤ ᠪᠠᠨ ᠪᠣᠳᠠᠲᠤ ᠲᠤᠰᠭᠠᠯ ᠪᠣᠯᠵᠤ ᠂ ᠬᠡᠦᠬᠡᠳ ᠤᠳ ᠲᠣᠭᠯᠠᠭᠠᠮ ᠡᠴᠡ ᠪᠠᠨ ᠠᠮᠢᠳᠤᠷᠠᠯ ᠤᠨ ᠪᠠᠶᠠᠷ ᠴᠡᠩᠭᠡᠯ ᠢ ᠣᠯᠭᠤᠬᠤ ᠪᠣᠯᠵᠠᠢ ᠃ ᠂ᠴᠠᠭ ᠦᠶ᠎ᠡ ᠶᠢᠨ ᠬᠥᠭᠵᠢᠯᠲᠡ ᠬᠤᠪᠢᠷᠠᠯᠲᠠ ᠶᠢ ᠳᠠᠭᠠᠯᠳᠤᠨ ᠬᠡᠦᠬᠡᠳ ᠤᠨ ᠲᠣᠭᠯᠠᠭᠠᠮ ᠤᠨ ᠵᠦᠢᠯ ᠨᠢ ᠴᠤ ᠬᠤᠪᠢᠷᠠᠵᠤ ᠪᠠᠢᠳᠠᠭ ᠃ ᠰᠤᠷᠪᠤᠯᠵᠢᠯᠠᠭᠴᠢ ᠠᠳᠠᠯᠢ ᠪᠤᠰᠤ ᠨᠤᠲᠤᠭ ᠤᠨ ᠠᠳᠠᠯᠢ ᠪᠤᠰᠤ ᠨᠠᠰᠤᠨ ᠤ ᠬᠡᠳᠦᠨ ᠦᠶ᠎ᠡ ᠶᠢᠨ ᠬᠥᠮᠦᠰ ᠢ ᠰᠤᠷᠪᠤᠯᠵᠢᠯᠠᠵᠤ ᠬᠡᠦᠬᠡᠳ ᠤᠨ ᠨᠠᠭᠠᠳᠤᠮ ᠲᠣᠭᠯᠠᠭᠠᠮ ᠤᠨ ᠴᠠᠭ ᠦᠶ᠎ᠡ ᠶᠢᠨ ᠬᠥᠭᠵᠢᠯᠲᠡ ᠬᠤᠪᠢᠷᠠᠯᠲᠠ ᠶᠢ ᠲᠤᠰᠭᠠᠬᠤ ᠶᠢ ᠵᠣᠷᠢᠭᠰᠠᠨ ᠶᠤᠮ ᠃

          ᠭᠤᠴᠢᠭᠠᠳ  ᠤᠨ  ᠤ ᠬᠡᠦᠬᠡᠳ ᠤᠨ ᠲᠣᠭᠯᠠᠭᠠᠮ ᠲᠥᠷᠦᠯ ᠵᠦᠢᠯ ᠤᠯᠠᠨ

         ᠵᠠᠷᠤᠳ ᠨᠤᠲᠤᠭ ᠲᠠᠢ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠫᠷᠣᠹᠧᠰᠰᠣᠷ ᠪᠤᠶᠠᠨᠬᠡᠰᠢᠭ ᠪᠠᠭᠰᠢ ᠶᠢ ᠡᠷᠢᠵᠦ ᠰᠤᠷᠪᠤᠯᠵᠢᠯᠠᠬᠤ ᠰᠠᠨᠠᠭ᠎ᠠ ᠪᠠᠨ ᠶᠠᠷᠢᠬᠤ ᠳᠤ ᠪᠠᠭᠰᠢᠳᠠᠨ ᠮᠢᠨᠢ ᠪᠠᠶᠠᠷᠲᠠᠢ ᠬᠦᠯᠢᠶᠡᠨ ᠵᠤᠭᠤᠭᠳᠠᠭᠰᠠᠨ ᠶᠤᠮ ᠃ ᠪᠠᠭᠰᠢ ᠮᠢᠨᠢ ᠬᠡᠦᠬᠡᠳ ᠦᠶ᠎ᠡ ᠶᠢᠨ ᠨᠠᠭᠠᠳᠴᠤ ᠲᠣᠭᠯᠠᠵᠤ ᠪᠠᠢᠭᠰᠠᠨ ᠢᠶᠠᠨ ᠡᠷᠭᠢᠴᠡᠭᠦᠯᠬᠦ ᠳᠤ ᠪᠠᠨ ᠭᠡᠷ ᠤᠨ ᠭᠠᠳᠠᠨ᠎ᠠ ᠭᠣᠣᠯᠳᠠᠭᠤ ᠭᠤᠤᠷᠠᠢ ᠴᠣᠬᠢᠬᠤ ᠂ ᠳ᠋ᠢᠩᠭ᠎ᠠ ᠨᠠᠭᠠᠳᠬᠤ ᠂ ᠲᠡᠪᠡᠭ ᠢᠰᠭᠦᠯᠬᠦ ᠂ ᠳᠤᠭᠤᠢ ᠴᠣᠬᠢᠬᠤ ᠂ ᠴᠡᠷᠢᠭ ᠰᠣᠩᠭᠤᠬᠤ ᠂ ᠴᠸᠩᠳᠤ ᠢᠰᠭᠦᠯᠬᠦ ᠂ ᠲᠤᠶᠤᠭ᠎ᠠ ᠴᠣᠬᠢᠬᠤ ᠂ ᠨᠢᠭᠤᠯᠴᠠᠬᠤ ᠂ ᠡᠯᠢᠶ᠎ᠡ ᠰᠢᠭᠦᠷᠡᠬᠦ ᠂ ᠭᠠᠯ ᠴᠣᠬᠢᠬᠤ ᠵᠡᠷᠭᠡ ᠬᠡᠷ ᠤᠨ ᠭᠠᠳᠠᠨᠠᠬᠢ ᠲᠣᠭᠯᠠᠭᠠᠮ ᠨᠠᠭᠠᠳᠴᠤ ᠪᠠᠢᠭᠰᠠᠨ ᠭᠡᠨ᠎ᠡ ᠃

         ᠱᠠᠭ᠎ᠠ ᠪᠣᠯ ᠬᠡᠦᠬᠡᠳ ᠤᠨ ᠲᠣᠭᠯᠠᠭᠠᠮ ᠤᠨ ᠬᠡᠷᠡᠭᠰᠡᠯ ᠤᠨ ᠴᠢᠬᠤᠯᠠ ᠨᠢᠭᠡ ᠵᠦᠢᠯ ᠪᠣᠯᠵᠤ ᠂ ᠣᠯᠠᠩᠬᠢ ᠨᠠᠭᠠᠳᠤᠮ ᠳᠤ ᠱᠠᠭ᠎ᠠ ᠣᠷᠤᠯᠴᠠᠵᠤ ᠪᠠᠢᠳᠠᠭ ᠃ ᠭᠤᠤᠷᠠᠢ ᠴᠣᠬᠢᠬᠤ ᠨᠢ ᠠᠢᠯ ᠤᠨ ᠬᠡᠦᠬᠡᠳ ᠴᠤᠭᠯᠠᠷᠠᠨ ᠮᠥᠰᠦᠨ ᠳᠡᠭᠡᠷ᠎ᠡ ᠱᠠᠭ᠎ᠠ ᠪᠠᠨ ᠪᠣᠰᠭᠠᠵᠤ ᠂ ᠬᠥᠯᠳᠡᠭᠦᠰᠦ ᠪᠠᠷ ᠴᠣᠬᠢᠵᠤ ᠨᠠᠭᠠᠳᠳᠠᠭ ᠃ ᠲᠤᠶᠤᠭ᠎ᠠ ᠴᠣᠬᠢᠬᠤ ᠭᠡᠳᠡᠭ ᠨᠢ ᠬᠡᠳᠦᠨ ᠬᠥᠮᠦᠨ ᠱᠠᠭ᠎ᠠ ᠪᠠᠨ ᠵᠡᠷᠭᠡᠴᠡᠭᠦᠯᠦᠨ ᠲᠠᠯᠪᠢᠨ᠎ᠠ ᠂ ᠲᠡᠭᠡᠭᠡᠳ ᠰᠠᠬ᠎ᠠ ᠪᠠᠷ ᠴᠤᠬᠢᠨ᠎ᠠ ᠂ ᠣᠨᠤᠭᠠᠵᠤ ᠳᠡᠢᠯᠪᠡᠯ ᠲᠡᠭᠦᠨ ᠤ ᠬᠢ ᠪᠣᠯᠤᠨ᠎ᠠ ᠃ ᠰᠠᠬ᠎ᠠ ᠭᠡᠳᠡᠭ ᠨᠢ ᠭᠠᠬᠠᠢ ᠶᠢᠨ ᠱᠠᠭ᠎ᠠ ᠶᠢ ᠨᠦᠬᠡᠯᠡᠬᠡᠳ ᠳᠣᠲᠤᠷ᠎ᠠ ᠨᠢ ᠲᠤᠭᠤᠯᠭ᠎ᠠ ᠴᠢᠳᠭᠤᠭᠠᠳ ᠬᠦᠨᠳᠦ ᠪᠣᠯᠭᠠᠭᠰᠠᠨ ᠨᠠᠭᠠᠳᠤᠮ ᠤᠨ ᠬᠡᠷᠡᠭᠰᠡᠯ ᠪᠣᠯᠤᠨ᠎ᠠ ᠃

         ᠳ᠋ᠢᠩᠭ᠎ᠠ ᠨᠠᠭᠠᠳᠬᠤ ᠳᠤ ᠬᠡᠪᠳᠡᠭᠡ ᠳ᠋ᠢᠩᠭ᠎ᠠ ᠪᠠ ᠪᠣᠰᠤᠭ᠎ᠠ ᠳ᠋ᠢᠩᠭ᠎ᠠ ᠭᠡᠵᠦ ᠬᠣᠶᠠᠷ ᠵᠦᠢᠯ ᠤᠨ ᠪᠠᠢᠳᠠᠭ ᠃ ᠬᠡᠪᠳᠡᠭᠡ ᠳ᠋ᠢᠩᠭ᠎ᠠ ᠴᠣᠬᠢᠬᠤ ᠨᠢ ᠰᠢᠰᠢ ᠶᠢᠨ ᠱᠤᠭᠠᠢ ᠶᠢᠨ ᠡᠰᠢ ᠶᠢ ᠵᠣᠷᠭᠤᠵᠤ ᠂ ᠭᠠᠵᠠᠷ ᠲᠤ ᠪᠤᠯᠠᠨ ᠪᠢᠯᠠᠭᠤ ᠪᠠᠷ ᠴᠣᠬᠢᠳᠠᠭ ᠃ ᠬᠡᠨ ᠨᠢ ᠴᠣᠬᠢᠵᠤ ᠤᠨᠤᠭᠠᠪᠠᠯ ᠬᠡᠨ ᠨᠢ ᠲᠡᠷᠡ ᠱᠤᠭᠠᠢ ᠶᠢ ᠣᠯᠵᠤ ᠳᠡᠢᠯᠦᠭᠰᠡᠨ ᠳᠤ ᠲᠣᠭᠠᠴᠢᠨ᠎ᠠ ᠃ ᠪᠣᠰᠤᠭ᠎ᠠ ᠳ᠋ᠢᠩᠭ᠎ᠠ ᠭᠡᠳᠡᠭ ᠨᠢ ᠰᠢᠰᠢ ᠶᠢᠨ ᠱᠤᠭᠠᠢ ᠶᠢᠨ ᠡᠰᠢ ᠪᠠᠨ ᠭᠠᠵᠠᠷ ᠲᠤ ᠪᠣᠰᠤᠭ᠎ᠠ ᠬᠠᠳᠭᠤᠨ ᠪᠢᠯᠠᠭᠤ ᠪᠠᠷ ᠢᠶᠠᠨ ᠴᠣᠬᠢᠳᠠᠭ ᠃ ᠴᠣᠬᠢᠵᠤ ᠤᠨᠠᠭᠠᠪᠠᠯ ᠲᠡᠭᠦᠨ ᠢ ᠣᠯᠳᠠᠭ ᠃

         ᠲᠡᠪᠡᠭ ᠢᠰᠭᠦᠯᠵᠦ ᠨᠠᠭᠠᠳᠳᠠᠭ ᠮᠥᠷᠲᠡᠭᠡᠨ ᠨᠠᠭᠠᠳᠬᠤ ᠠᠷᠭ᠎ᠠ ᠶᠢᠨ ᠲᠠᠯ᠎ᠠ ᠪᠠᠷ ᠭᠠᠭᠴᠠ ᠬᠥᠯ ᠢᠶᠠᠷ ᠢᠰᠭᠦᠯᠬᠦ ᠂ ᠬᠣᠶᠠᠷ ᠬᠥᠯ ᠢᠶᠠᠷ ᠡᠭᠡᠯᠵᠢᠯᠡᠨ ᠢᠰᠭᠦᠯᠬᠦ ᠂ ᠬᠥᠯ ᠢᠶᠠᠨ ᠰᠣᠯᠪᠢᠴᠠᠭᠤᠯᠵᠤ ᠢᠰᠭᠦᠯᠬᠦ ᠵᠡᠷᠭᠡ ᠤᠯᠠᠨ ᠵᠦᠢᠯ ᠪᠠᠢᠳᠠᠭ ᠃ ᠵᠠᠷᠢᠮ ᠳᠠᠭᠠᠨ ᠳᠤᠭᠤᠢᠯᠠᠩ ᠬᠤᠪᠢᠶᠠᠵᠤ ᠤᠷᠤᠯᠳᠤᠳᠠᠭ ᠃ ᠡᠨᠡ ᠨᠢ ᠲᠡᠷᠡ ᠦᠶᠡᠰ ᠤᠨ ᠡᠮᠡᠭᠲᠡᠢ ᠬᠡᠦᠬᠡᠳ ᠤᠨ ᠨᠠᠭᠠᠳᠳᠠᠭ ᠬᠠᠮᠤᠭ ᠡᠴᠡ ᠨᠠᠷᠬᠢᠶᠠᠨᠳᠠᠢ ᠨᠠᠭᠠᠳᠤᠮ ᠪᠣᠯᠤᠨ᠎ᠠ ᠃ ᠡᠷᠡᠭᠲᠡᠢ ᠬᠡᠦᠬᠡᠳ ᠳᠡᠮᠡᠢ ᠨᠠᠭᠠᠳᠳᠠᠭ ᠦᠭᠡᠢ ᠶᠤᠮ ᠃

         ᠴᠡᠷᠢᠭ ᠰᠣᠩᠭᠤᠬᠤ ᠨᠠᠭᠠᠳᠤᠮ ᠪᠠᠢᠳᠠᠭ ᠃ ᠬᠡᠦᠬᠡᠳ ᠤᠳ ᠢ ᠬᠣᠶᠠᠷ ᠳᠤᠭᠤᠢᠯᠠᠩ ᠬᠤᠪᠢᠶᠠᠨ ᠂ ᠨᠢᠭᠡ ᠳᠤᠭᠤᠢᠯᠠᠩ ᠤᠨ ᠬᠢᠨᠢ ᠨᠢᠭᠡ ᠶᠢ ᠨᠢ ᠳᠠᠭᠤᠳᠠᠪᠠᠯ ᠨᠥᠭᠦᠭᠡ ᠳᠤᠭᠤᠢᠯᠠᠩ ᠤᠨ ᠪᠦᠭᠦᠳᠡᠭᠡᠷ ᠪᠠᠷᠢᠬᠤ ᠪᠠᠷ ᠤᠷᠤᠯᠳᠤᠳᠠᠭ ᠃ ᠪᠠᠷᠢᠵᠤ ᠳᠡᠢᠯᠪᠡᠯ ᠲᠡᠷᠡ ᠳᠤᠭᠤᠢᠯᠠᠩ ᠳᠤ ᠣᠷᠤᠵᠤ ᠥᠭᠭᠦᠨ ᠂ ᠪᠠᠷᠢᠵᠤ ᠳᠡᠢᠯᠬᠦ ᠦᠭᠡᠢ ᠪᠣᠯ ᠤᠤᠯ ᠤᠨ ᠳᠤᠭᠤᠢᠯᠠᠩ ᠳᠠᠭᠠᠨ ᠪᠤᠴᠠᠳᠠᠭ ᠃ ᠡᠴᠦᠰ ᠲᠤ ᠨᠢᠭᠡ ᠳᠤᠭᠤᠢᠯᠠᠩ ᠤᠨ ᠬᠥᠮᠦᠨ ᠨᠢ ᠴᠦᠬᠡᠬᠡᠷᠡᠵᠤ ᠂ ᠨᠥᠭᠦᠭᠡ ᠳᠤᠭᠤᠢᠯᠠᠩ ᠤᠨ ᠬᠥᠮᠦᠨ ᠨᠢ ᠣᠯᠠᠰᠢᠷᠠᠳᠠᠭ ᠃

         ᠬᠡᠦᠬᠡᠳ ᠤᠳ ᠪᠦᠯᠦᠭ ᠬᠤᠪᠢᠶᠠᠨ ᠨᠢᠭᠤᠯᠴᠠᠵᠤ ᠨᠠᠭᠠᠳᠳᠠᠭ ᠃ ᠡᠯᠢᠶ᠎ᠡ ᠰᠢᠪᠠᠭᠤ ᠪᠠᠷᠢᠵᠤ ᠨᠠᠭᠠᠳᠳᠠᠭ ᠃ ᠨᠢᠭᠡ ᠬᠡᠦᠬᠡᠳ ᠨᠢ ᠡᠯᠢᠶ᠎ᠡ ᠪᠣᠯᠵᠤ ᠪᠤᠰᠤᠳ ᠬᠡᠦᠬᠡᠳ ᠤᠳ ᠶᠡᠬᠡ ᠪᠠᠭ᠎ᠠ ᠶᠢᠨ ᠲᠡᠰ ᠳᠠᠷᠠᠭᠠᠯᠠᠯ ᠢᠶᠠᠷ ᠢᠶᠠᠨ ᠬᠣᠢᠨ᠎ᠠ ᠬᠣᠢᠨ᠎ᠠ ᠡᠴᠡ ᠪᠠᠨ ᠪᠠᠷᠢᠵᠤ ᠂ ᠡᠯᠢᠶ᠎ᠡ ᠶᠢᠨ ᠡᠰᠡᠷᠭᠦ ᠬᠠᠨᠳᠤᠨ ᠴᠤᠪᠤᠭᠤᠷᠤᠯᠳᠤᠨ ᠵᠣᠭᠰᠤᠭᠠᠳ ᠰᠢᠪᠠᠭᠤ ᠪᠣᠯᠳᠠᠭ ᠃ ᠡᠯᠢᠶ᠎ᠡ ᠪᠣᠯᠤᠭᠰᠠᠨ ᠬᠡᠦᠬᠡᠳ ᠰᠢᠪᠠᠭᠤ ᠶᠢ ᠪᠠᠷᠢᠬᠤ ᠭᠡᠵᠦ ᠴᠢᠷᠮᠠᠢᠬᠤ ᠪᠥᠭᠡᠳ ᠢᠩᠭᠢᠬᠦ ᠳᠡᠭᠡᠨ ᠵᠠᠪᠠᠯ ᠮᠥᠷᠯᠡᠨ ᠵᠣᠭᠰᠤᠭᠰᠠᠨ ᠬᠡᠦᠬᠡᠳ ᠤᠨ ᠬᠠᠮᠤᠭ ᠰᠡᠭᠦᠯ ᠤᠨ ᠬᠢ ᠶᠢ ᠪᠠᠷᠢᠬᠤ ᠶᠣᠰᠤ ᠲᠠᠢ ᠃ ᠡᠭᠦᠨ ᠳᠤ ᠮᠥᠷᠯᠡᠨ ᠵᠣᠭᠰᠤᠭᠰᠠᠨ ᠬᠡᠦᠬᠡᠳ ᠤᠨ ᠲᠦᠷᠦᠭᠦᠴᠢ ᠶᠢᠨ ᠬᠢᠨᠢ ᠰᠢᠪᠠᠭᠤ ᠨᠤᠭᠤᠳ ᠢᠶᠠᠨ ᠬᠠᠮᠠᠭᠠᠯᠠᠵᠤ ᠂ ᠡᠯᠢᠶ᠎ᠡ ᠶᠢ ᠬᠠᠰᠢᠳᠠᠭ ᠃ ᠡᠯᠢᠶ᠎ᠡ ᠪᠣᠯᠤᠭᠰᠠᠨ ᠬᠡᠦᠬᠡᠳ ᠬᠤᠷᠴᠠ ᠰᠠᠮᠪᠠᠭᠠᠯᠢᠭ ᠪᠣᠯ ᠬᠠᠮᠠᠭᠠᠯᠠᠯ ᠢ ᠡᠪᠳᠡᠵᠤ ᠰᠢᠪᠠᠭᠤ ᠶᠢ ᠪᠠᠷᠢᠵᠤ ᠴᠢᠳᠠᠳᠠᠭ ᠃ ᠢᠩᠭᠢᠪᠡᠯ ᠪᠠᠷᠢᠭᠳᠠᠭᠰᠠᠨ ᠬᠡᠦᠬᠡᠳ ᠡᠯᠢᠶ᠎ᠡ ᠪᠣᠯᠵᠤ ᠦᠷᠭᠦᠯᠵᠢᠯᠡᠨ ᠨᠠᠭᠠᠳᠤᠨ᠎ᠠ ᠃ ᠢᠩᠭᠢᠵᠦ ᠨᠠᠭᠠᠳᠬᠤ ᠳᠤ ᠬᠡᠦᠬᠡᠳ ᠤᠨ ᠬᠤᠷᠴᠠ ᠰᠠᠮᠪᠠᠭ᠎ᠠ ᠂ ᠱᠠᠯᠠᠮᠠᠭᠠᠢ ᠬᠥᠳᠡᠯᠭᠡᠭᠡᠨ ᠢ ᠪᠣᠯᠪᠠᠰᠤᠷᠠᠭᠤᠯᠬᠤ ᠡᠴᠡ ᠭᠠᠳᠠᠨ᠎ᠠ ᠂ ᠬᠠᠮᠲᠤᠴᠢ ᠦᠵᠡᠯ ᠂ ᠪᠦᠯᠬᠦᠮᠳᠡᠯ ᠤᠨ ᠬᠦᠴᠦ ᠶᠢ ᠦᠢᠯᠠᠭᠠᠭᠤᠯᠬᠤ ᠰᠤᠷᠭᠠᠨ ᠬᠥᠮᠦᠵᠢᠯ ᠤᠨ ᠠᠴᠢ ᠬᠣᠯᠪᠤᠭᠳᠠᠯ ᠲᠠᠢ ᠪᠠᠢᠳᠠᠭ ᠃

         ᠭᠡᠷ ᠳᠣᠲᠤᠷ᠎ᠠ ᠱᠠᠭ᠎ᠠ ᠨᠠᠭᠠᠳᠬᠤ ᠂ ᠵᠢᠷᠭᠢᠭᠡ ᠨᠠᠭᠠᠳᠬᠤ ᠂ ᠫᠠᠢ ᠨᠠᠭᠠᠳᠬᠤ ᠵᠡᠷᠭᠡ ᠪᠠᠢᠳᠠᠭ ᠭᠡᠨ᠎ᠡ ᠃ ᠱᠠᠭ᠎ᠠ ᠨᠠᠭᠠᠳᠬᠤ ᠤᠯᠠᠨ ᠵᠦᠢᠯ ᠤᠨ ᠠᠷᠭ᠎ᠠ ᠪᠠᠢᠳᠠᠭ ᠃ ᠬᠣᠷᠴᠢᠨ ᠳᠤ ᠱᠠᠭ᠎ᠠ ᠶᠢᠨ ᠳᠥᠷᠪᠡᠨ ᠲᠠᠯ᠎ᠠ ᠶᠢ ᠪᠡᠭᠡ ᠂ ᠴᠢᠬᠡ ᠂ ᠬᠣᠩ ᠂ ᠪᠠᠢ ᠭᠡᠳᠡᠭ ᠃

         ᠬᠡᠦᠬᠡᠳ ᠤᠳ ᠨᠡᠢᠯᠡᠨ ᠠᠯᠠᠭᠳᠠᠭ᠎ᠠ ᠪᠠᠷᠢᠬᠤ ᠪᠠᠷ ᠬᠡᠭᠡᠷ᠎ᠡ ᠭᠠᠳᠠᠨ᠎ᠠ ᠭᠠᠷᠤᠭᠠᠳ ᠢᠷᠡᠬᠦ ᠦᠭᠡᠢ ᠪᠣᠯᠪᠠᠯ ᠬᠡᠷ ᠤᠨ ᠠᠬᠠᠮᠠᠳ ᠤᠳ ᠶᠠᠭᠠᠷᠠᠨ ᠡᠷᠢᠯ ᠪᠣᠯᠳᠠᠭ ᠭᠡᠵᠦ ᠲᠣᠭᠯᠠᠭᠠᠮ ᠤᠨ ᠵᠦᠢᠯ ᠤᠳ ᠢᠶᠠᠨ ᠶᠠᠷᠢᠵᠤ ᠥᠭᠬᠦ ᠳᠤ ᠡᠪᠦᠭᠡᠨ ᠪᠠᠭᠰᠢ ᠶᠢᠨ ᠴᠢᠷᠠᠢ ᠳᠤ ᠮᠦᠰᠢᠶᠡᠲᠦ ᠲᠣᠳᠤᠷᠠᠵᠤ ᠪᠠᠢᠯ᠎ᠠ ᠃

         ᠳᠤᠮᠳᠠᠳᠤ ᠰᠤᠷᠭᠠᠭᠤᠯᠢ ᠳᠤ ᠳᠠᠪᠰᠢᠨ ᠣᠷᠤᠵᠤ ᠬᠡᠷ ᠡᠴᠡ ᠪᠠᠨ ᠵᠠᠢᠳᠠᠨ ᠪᠠᠢᠷᠢ ᠳᠤ ᠰᠠᠭᠤᠭᠰᠠᠨ ᠂ ᠴᠢᠯᠦᠭᠡ ᠲᠠᠯᠪᠢᠭᠰᠠᠨ ᠴᠤ ᠠᠷᠭᠠᠯ ᠲᠡᠭᠦᠨ ᠬᠤᠳᠠᠯᠳᠤᠵᠤ ᠰᠤᠷᠤᠯᠭ᠎ᠠ ᠶᠢᠨ ᠮᠥᠩᠭᠦ ᠪᠠᠨ ᠤᠯᠬᠤ ᠪᠠᠷ ᠴᠢᠷᠮᠠᠢᠳᠠᠭ ᠪᠣᠯᠤᠭᠰᠠᠨ ᠡᠴᠡ ᠡᠳᠡᠭᠡᠷ ᠲᠣᠭᠯᠠᠭᠠᠮ ᠢᠶᠠᠷ ᠢᠶᠠᠨ ᠨᠠᠭᠠᠳᠬᠤ ᠵᠠᠪᠰᠢᠶᠠᠨ ᠦᠭᠡᠢ ᠪᠣᠯᠤᠭᠰᠠᠨ ᠭᠡᠵᠦ ᠪᠠᠭᠰᠢ ᠶᠡᠬᠡ ᠬᠠᠷᠠᠮᠰᠠᠭᠰᠠᠨ ᠪᠠᠢᠳᠠᠯ ᠲᠠᠢ ᠪᠠᠢᠯ᠎ᠠ ᠃ ᠤᠯᠠᠮᠵᠢᠯᠠᠯᠲᠤ ᠬᠡᠦᠬᠡᠳ ᠤᠨ ᠲᠣᠭᠯᠠᠭᠠᠮ ᠨᠢ ᠴᠤ ᠮᠠᠨ ᠤ ᠦᠨᠳᠦᠰᠦᠲᠡᠨ ᠤ ᠰᠣᠶᠤᠯ ᠤᠨ ᠨᠠᠨᠳᠢᠨ ᠥᠪ ᠶᠤᠮ ᠂ ᠴᠤᠭᠯᠠᠭᠤᠯᠵᠤ ᠡᠮᠬᠢᠳᠭᠡᠨ ᠨᠠᠭᠠᠳᠤᠮ ᠲᠣᠭᠯᠠᠭᠠᠮ ᠤᠨ ᠵᠠᠩ ᠦᠢᠯᠡ ᠶᠢᠨ ᠰᠣᠶᠤᠯ ᠤᠨ ᠥᠪ ᠤᠨ ᠳ᠋ᠠᠢᠲ᠋ᠠ ᠬᠥᠮᠦᠷᠭᠡ ᠳᠤ ᠣᠷᠤᠭᠤᠯᠪᠠᠯ ᠵᠣᠬᠢᠬᠤ ᠶᠤᠮᠰᠠᠨ ᠭᠡᠵᠦ ᠪᠠᠭᠰᠢ ᠶᠠᠷᠢᠨ᠎ᠠ ᠃

         ᠲᠠᠪᠢᠭᠠᠳ  ᠤᠨ  ᠤ ᠬᠡᠦᠬᠡᠳ ᠤᠨ ᠲᠣᠭᠯᠠᠭᠠᠮ ᠨᠢ ᠬᠡᠦᠬᠡᠳ ᠲᠤ ᠠᠮᠢᠳᠤᠷᠠᠯ ᠤᠨ ᠪᠠᠶᠠᠷ ᠴᠡᠩᠭᠡᠯ ᠢ ᠣᠯᠭᠤᠳᠠᠭ

        ᠲᠦᠰᠢᠶᠡᠲᠦ ᠨᠤᠲᠤᠭ ᠲᠠᠢ ᠵᠢᠷᠠ ᠭᠠᠷᠤᠭᠰᠠᠨ ᠠᠬᠠᠮᠠᠳ ᠺᠠᠲᠷ ᠪᠦᠷᠢᠨᠪᠠᠶᠠᠷ ᠭᠤᠸᠠᠢ ᠬᠡᠦᠬᠡᠳ ᠦᠶ᠎ᠡ ᠪᠠᠨ ᠡᠷᠭᠢᠴᠡᠭᠦᠯᠬᠦ ᠳᠤ ᠪᠠᠨ ᠮᠠᠨᠤᠰ ᠤᠨ ᠲᠡᠷᠡ ᠦᠶ᠎ᠡ ᠳᠤ ᠣᠳᠣᠬᠠᠨ ᠤ ᠰᠢᠭ ᠲᠣᠭᠯᠠᠭᠠᠮ ᠤ ᠵᠦᠢᠯ ᠤᠯᠠᠨ ᠪᠠᠢᠭᠰᠠᠨ ᠦᠭᠡᠢ ᠂ ᠪᠠᠢᠭᠰᠠᠨ ᠴᠤ ᠬᠤᠳᠠᠯᠳᠤᠨ ᠠᠪᠴᠤ ᠳᠡᠢᠯᠬᠦ ᠬᠥᠮᠦᠨ ᠦᠭᠡᠢ ᠂ ᠬᠡᠯᠡᠵᠦ ᠨᠠᠭᠠᠳᠬᠤ ᠲᠣᠭᠯᠠᠭᠠᠮ ᠪᠤᠶᠤ ᠲᠣᠭᠯᠠᠵᠤ ᠨᠠᠭᠠᠳᠬᠤ ᠲᠣᠭᠯᠠᠭᠠᠮ ᠪᠣᠯᠤᠨ᠎ᠠ ᠃ ᠤᠯᠠᠨ ᠬᠡᠦᠬᠡᠳ ᠨᠢᠭᠡ ᠭᠠᠵᠠᠷ ᠴᠤᠭᠯᠠᠷᠠᠭᠠᠳ ᠡᠬᠡᠯᠵᠢᠬᠡ ᠬᠠᠯᠠᠭ᠎ᠠ ᠪᠠᠷ ᠦᠯᠢᠭᠡᠷ ᠬᠡᠯᠡᠵᠦ ᠨᠠᠭᠠᠳᠳᠠᠭ ᠃ ᠪᠠᠰᠠ ᠬᠡᠳᠦᠬᠦᠯᠡ ᠨᠡᠢᠯᠡᠪᠡᠯ ᠬᠣᠯᠪᠤᠭ᠎ᠠ ᠂ ᠣᠨᠢᠰᠤᠭ᠎ᠠ ᠬᠡᠯᠡᠵᠦ ᠬᠥᠭᠡᠷᠳᠡᠭ ᠃ ᠪᠠᠢᠭᠠᠯᠢ ᠶᠢᠨ ᠦᠵᠡᠭᠳᠡᠯ ᠂ ᠬᠥᠮᠦᠰ ᠤᠨ ᠡᠯ᠎ᠡ ᠵᠦᠢᠯ ᠤᠨ ᠦᠢᠯᠡ ᠬᠥᠳᠡᠯᠭᠡᠭᠡᠨ ᠪᠠ ᠬᠡᠷᠡᠭ ᠶᠠᠪᠤᠳᠠᠯ ᠲᠠᠢ ᠵᠣᠬᠢᠴᠠᠭᠤᠯᠵᠤ ᠬᠣᠯᠪᠤᠭ᠎ᠠ ᠮᠠᠶᠢᠭ ᠲᠠᠢ ᠠᠢᠵᠠᠮ ᠴᠣᠬᠢᠯᠭ᠎ᠠ ᠲᠠᠢ ᠬᠡᠯᠡᠳᠡᠭ ᠦᠭᠡ ᠤᠯᠠᠨ ᠪᠠᠢᠳᠠᠭ ᠃ ᠤᠯᠠᠨ ᠬᠡᠦᠬᠡᠳ ᠭᠠᠳᠠᠨ᠎ᠠ ᠴᠤᠭᠯᠠᠷᠠᠭᠠᠳ ᠨᠠᠭᠠᠳᠴᠤ ᠪᠠᠢᠬᠤ ᠦᠶ᠎ᠡ ᠳᠤ ᠡᠭᠦᠯᠡ ᠨᠡᠬᠦᠳᠡᠯᠯᠡᠵᠤ ᠨᠠᠷᠠ ᠶᠢ ᠬᠠᠯᠬᠠᠯᠠᠪᠠᠯ ᠄

         ᠨᠠᠷᠠ ᠨᠠᠷᠠ ᠨᠠᠭᠠᠰᠢ ᠪᠠᠨ

         ᠨᠠᠷᠠᠨ ᠰᠡᠭᠦᠳᠡᠷ ᠴᠠᠰᠢ ᠪᠠᠨ

         ᠪᠦᠸᠧ ᠪᠦᠸᠧ ᠬᠠᠢᠯᠠᠢ

         ᠪᠦᠵᠤᠩᠬᠡᠢ ᠲᠠᠤᠯᠠᠢ ᠬᠤᠤ ᠭᠠᠢ ᠭᠡᠵᠦ ᠬᠣᠭᠤᠯᠠᠢ ᠨᠡᠢᠯᠡᠭᠦᠯᠦᠨ ᠪᠠᠷᠬᠢᠷᠠᠳᠠᠭ ᠃

         ᠪᠣᠷᠤᠭᠠᠨ ᠣᠷᠤᠵᠤ ᠡᠬᠢᠯᠡᠬᠦ ᠳᠤ ᠄

         ᠪᠣᠷᠤᠭᠠᠨ ᠪᠣᠷᠤᠭᠠᠨ ᠣᠷᠤᠵᠤ ᠪᠠᠢᠨ᠎ᠠ

         ᠪᠤᠷᠬᠠᠨ ᠰᠢᠷᠡᠭᠡ ᠬᠥᠳᠡᠯᠵᠦ ᠪᠠᠢᠨ᠎ᠠ

         ᠠᠩᠭ᠎ᠠ ᠠᠩᠭ᠎ᠠ ᠤᠬᠢᠯᠠᠵᠤ ᠪᠠᠢᠨ᠎ᠠ

         ᠠᠩᠭ᠎ᠠ ᠶᠢᠨ ᠵᠸᠵᠸ ᠨᠢ ᠰᠠᠭᠠᠲᠠᠭᠤᠯᠵᠤ ᠪᠠᠢᠨ᠎ᠠ ᠭᠡᠵᠦ ᠪᠠᠷᠬᠢᠷᠠᠯᠴᠠᠳᠠᠭ ᠭᠡᠨ᠎ᠡ ᠃

         ᠲᠣᠭᠯᠠᠵᠤ ᠨᠠᠭᠠᠳᠬᠤ ᠨᠠᠭᠠᠳᠤᠮ ᠳᠤ ᠡᠷᠡᠭᠲᠡᠢ ᠬᠡᠦᠬᠡᠳ ᠨᠢ ᠪᠦᠭᠡᠷᠡᠦᠯ ᠭᠤᠶᠠᠳᠠᠬᠤ ᠂ ᠳ᠋ᠢᠩᠭ᠎ᠠ ᠴᠣᠬᠢᠬᠤ ᠂ ᠭᠠᠢ ᠴᠣᠬᠢᠬᠤ ᠂ ᠲᠦᠸᠸᠬᠡᠨ ᠬᠠᠶᠠᠵᠤ ᠨᠠᠭᠠᠳᠳᠠᠭ ᠃ ᠡᠪᠦᠯ ᠴᠠᠭ ᠲᠤ ᠮᠥᠰᠦᠨ ᠳᠡᠭᠡᠷ᠎ᠡ ᠭᠤᠯᠭᠤᠵᠤ ᠨᠠᠭᠠᠳᠤᠨ ᠪᠦᠷᠦᠢ ᠲᠠᠰᠤᠷᠠᠭᠰᠠᠨ ᠴᠤ ᠭᠡᠷ ᠲᠡᠭᠡᠨ ᠬᠠᠷᠢᠬᠤ ᠦᠭᠡᠢ ᠬᠡᠷ ᠤᠨ ᠠᠬᠠᠮᠠᠳ ᠢᠶᠠᠷ ᠢᠶᠠᠨ ᠪᠠᠷᠬᠢᠷᠠᠭᠤᠯᠳᠠᠭ ᠪᠠᠢᠭᠰᠠᠨ ᠭᠡᠵᠦ ᠶᠡᠬᠡᠯ᠎ᠡ ᠪᠠᠶᠠᠷᠲᠠᠢ ᠶᠠᠷᠢᠨ᠎ᠠ ᠃ ᠡᠮᠡᠭᠲᠡᠢ ᠬᠡᠦᠬᠡᠳ ᠨᠢ ᠲᠡᠪᠡᠭ ᠢᠰᠭᠦᠯᠵᠦ ᠨᠠᠭᠠᠳᠬᠤ ᠂ ᠬᠠᠵᠢᠤᠬᠠᠢ ᠪᠠᠷ ᠬᠡᠷ ᠪᠦᠯᠢ ᠤᠷᠤᠭ ᠲᠥᠷᠦᠯ ᠪᠣᠯᠭᠠᠨ ᠨᠠᠭᠠᠳᠳᠠᠭ ᠃ ᠲᠡᠭᠡᠭᠡᠳ ᠬᠡᠦᠬᠡᠳ ᠤᠳ ᠥᠨᠦᠳᠦᠷ ᠤᠷᠤᠢ ᠪᠣᠯᠵᠤ ᠲᠠᠷᠬᠠᠪᠠᠯ ᠮᠠᠷᠭᠠᠰᠢ ᠪᠣᠯᠬᠤ ᠶᠢ ᠶᠠᠭᠠᠷᠠᠳᠠᠭ ᠂ ᠲᠡᠷᠡ ᠦᠶ᠎ᠡ ᠳᠤ ᠬᠡᠦᠬᠡᠳ ᠤᠨ ᠲᠣᠭᠯᠠᠭᠠᠮ ᠨᠢ ᠬᠡᠦᠬᠡᠳ ᠲᠤ ᠠᠮᠢᠳᠤᠷᠠᠯ ᠤᠨ ᠪᠠᠶᠠᠷ ᠴᠡᠩᠭᠡᠯ ᠢ ᠣᠯᠭᠤᠵᠤ ᠂ ᠵᠠᠷᠢᠮ ᠳᠤ ᠪᠠᠨ ᠬᠡᠦᠬᠡᠳ ᠤᠳ ᠵᠡᠭᠦᠳᠦ ᠪᠠᠷ ᠢᠶᠠᠨ ᠲᠣᠭᠯᠠᠭᠠᠮ ᠤᠨ ᠨᠡᠷ᠎ᠡ ᠪᠠᠷ ᠢᠶᠠᠨ ᠪᠠᠷᠬᠢᠷᠠᠨ ᠰᠡᠷᠡᠳᠡᠭ ᠪᠠᠢᠯ᠎ᠠ ᠭᠡᠵᠦ ᠶᠠᠷᠢᠵᠤ ᠭᠠᠷᠤᠯ᠎ᠠ ᠃

        ᠎ ᠵᠢᠷᠠᠭᠠᠳ  ᠤᠨᠨ ᠦ  ᠬᠡᠦᠬᠡᠳ ᠤᠨ ᠲᠣᠭᠯᠠᠭᠠᠮ ᠨᠢ ᠬᠡᠦᠬᠡᠳ ᠤᠨ ᠠᠮᠢᠳᠤᠷᠠᠯ ᠤᠨ ᠣᠷᠴᠢᠨ ᠲᠣᠭᠤᠷᠢᠨ ᠤ ᠪᠣᠳᠠᠲᠤ ᠲᠤᠰᠭᠠᠯ ᠮᠥᠨ

         ᠬᠥᠬᠡᠬᠣᠲᠠ ᠦᠨᠳᠦᠰᠦᠲᠡᠨ ᠤ ᠲᠤᠷᠰᠢᠯᠲᠠ ᠶᠢᠨ ᠰᠤᠷᠭᠠᠭᠤᠯᠢ ᠶᠢᠨ ᠬᠦᠷᠵᠠᠪ ᠳᠡᠳ᠋ ᠵᠠᠬᠢᠷᠤᠯ ᠲᠠᠢ ᠠᠭᠤᠯᠵᠠᠨ ᠬᠡᠦᠬᠡᠳ ᠤᠨ ᠲᠣᠭᠯᠠᠭᠠᠮ ᠤᠨ ᠵᠦᠢᠯ ᠤᠨ ᠲᠤᠬᠠᠢ ᠶᠠᠷᠢᠯᠴᠠᠭᠰᠠᠨ ᠨᠢ ᠨᠠᠳᠠ ᠲᠤᠩ ᠣᠯᠵᠠ ᠲᠠᠢ ᠰᠠᠨᠠᠭᠳᠠᠯ᠎ᠠ ᠃

         ᠪᠠᠭᠰᠢ ᠡᠴᠡ ᠬᠡᠦᠬᠡᠳ ᠤᠨ ᠨᠠᠭᠠᠳᠤᠮ ᠲᠣᠭᠯᠠᠭᠠᠮ ᠭᠡᠳᠡᠭ ᠪᠣᠯ ᠬᠡᠦᠬᠡᠳ ᠤᠨ ᠨᠠᠭᠠᠳᠬᠤ ᠳᠤ ᠲᠣᠬᠢᠷᠠᠭᠰᠠᠨ ᠂ ᠬᠡᠦᠬᠡᠳ ᠤᠨ ᠠᠮᠢᠳᠤᠷᠠᠯ ᠡᠴᠡ ᠰᠡᠳᠦᠪ ᠠᠪᠴᠤ ᠂ ᠬᠡᠦᠬᠡᠳ ᠤᠨ ᠠᠮᠢᠳᠤᠷᠠᠯ ᠤᠨ ᠣᠷᠴᠢᠨ ᠲᠣᠭᠤᠷᠢᠨ ᠳᠤ ᠶᠠᠪᠤᠭᠳᠠᠳᠠᠭ ᠬᠡᠦᠬᠡᠳ ᠤᠨ ᠠᠮᠢᠳᠤᠷᠠᠯ ᠤᠨ ᠣᠷᠴᠢᠨ ᠲᠣᠭᠤᠷᠢᠨ ᠤ ᠲᠤᠰᠭᠠᠯ ᠮᠥᠨ ᠃ ᠲᠣᠭᠯᠠᠭᠠᠮ ᠨᠢ ᠣᠶᠤᠨ ᠤ ᠲᠣᠭᠯᠠᠭᠠᠮ ᠪᠠ ᠪᠡᠶ᠎ᠡ ᠶᠢᠨ ᠬᠥᠳᠡᠯᠭᠡᠭᠡᠨᠲᠦ ᠲᠣᠭᠯᠠᠭᠠᠮ ᠭᠡᠵᠦ ᠬᠣᠶᠠᠷ ᠵᠦᠢᠯ ᠳᠤ ᠬᠤᠪᠢᠶᠠᠳᠠᠭ ᠃ ᠲᠡᠷᠡ ᠦᠶ᠎ᠡ ᠶᠢᠨ ᠠᠬᠤᠢ ᠨᠡᠢᠭᠡᠮ ᠤᠨ ᠪᠠᠢᠳᠠᠯ ᠂ ᠴᠠᠭ ᠦᠶ᠎ᠡ ᠶᠢᠨ ᠪᠠᠢᠳᠠᠯ ᠡᠴᠡ ᠰᠢᠯᠳᠠᠭᠠᠯᠠᠭᠳᠠᠵᠤ ᠭᠣᠣᠯᠳᠠᠭᠤ ᠲᠠᠷᠪᠠᠭᠠᠴᠠᠬᠤ ᠂ ᠲᠡᠮᠡᠬᠡᠯᠴᠡᠬᠦ ᠂ ᠠᠯᠴᠢᠭᠤᠷ ᠬᠠᠶᠠᠬᠤ ᠂ ᠴᠦ᠋ ᠬᠠᠶᠠᠬᠤ ᠂ ᠠᠩ ᠬᠣᠮᠤᠷᠭ᠎ᠠ ᠬᠢᠬᠦ ᠂ ᠨᠢᠭᠤᠯᠴᠠᠬᠤ ᠂ ᠪᠥᠬᠡ ᠪᠠᠷᠢᠯᠳᠤᠬᠤ ᠂ ᠳᠡᠭᠡᠰᠦ ᠦᠰᠦᠷᠬᠦ ᠵᠡᠷᠭᠡ ᠪᠡᠶ᠎ᠡ ᠶᠢᠨ ᠬᠥᠳᠡᠯᠭᠡᠭᠡᠨᠲᠦ ᠲᠣᠭᠯᠠᠭᠠᠮ ᠨᠠᠭᠠᠳᠴᠤ ᠪᠠᠢᠭᠰᠠᠨ ᠃

          ᠲᠠᠷᠪᠠᠭᠠᠴᠠᠬᠤ ᠭᠡᠳᠡᠭ ᠨᠢ ᠤᠯᠠᠨ ᠬᠡᠦᠬᠡᠳ ᠨᠠᠭᠠᠳᠳᠠᠭ ᠲᠣᠭᠯᠠᠭᠠᠮ ᠪᠣᠯᠤᠨ᠎ᠠ ᠃ ᠨᠢᠭᠡ ᠬᠡᠦᠬᠡᠳ ᠴᠢᠨᠸ᠎ᠠ ᠪᠤᠶᠤ ᠪᠠᠷᠰ ᠂ ᠪᠠᠭᠠᠪᠠᠭᠠᠢ ᠪᠣᠯᠵᠤ ᠂ ᠪᠤᠰᠤᠳ ᠬᠡᠦᠬᠡᠳ ᠨᠢ ᠲᠠᠷᠪᠠᠭ᠎ᠠ ᠪᠣᠯᠵᠤ ᠬᠤᠪᠢᠶᠠᠭᠳᠠᠨ᠎ᠠ ᠃ ᠴᠢᠨᠸ᠎ᠠ ᠶᠢᠨ ᠨᠦᠬᠡ ᠭᠡᠵᠦ ᠨᠢᠭᠡ ᠭᠠᠵᠠᠷ ᠢ ᠲᠡᠮᠳᠡᠭᠯᠡᠬᠦ ᠪᠥᠭᠡᠳ ᠲᠠᠷᠪᠠᠭᠠᠨ ᠤ ᠨᠦᠬᠡ ᠪᠠᠷ ᠵᠣᠬᠢᠬᠤ ᠵᠠᠢ ᠲᠠᠢ ᠬᠣᠶᠠᠷ ᠭᠠᠵᠠᠷ ᠲᠤ ᠲᠡᠮᠳᠡᠭ ᠲᠠᠯᠪᠢᠨ᠎ᠠ ᠃ ᠲᠠᠷᠪᠠᠭ᠎ᠠ ᠪᠣᠯᠤᠭᠰᠠᠨ ᠬᠡᠦᠬᠡᠳ ᠬᠣᠶᠠᠷ ᠨᠦᠬᠡ ᠶᠢᠨ ᠬᠣᠭᠤᠷᠤᠨᠳᠤ ᠭᠦᠶᠦᠬᠦ ᠦᠶ᠎ᠡ ᠳᠤ ᠴᠢᠨᠸ᠎ᠠ ᠨᠢ ᠲᠠᠷᠪᠠᠭ᠎ᠠ ᠶᠢ ᠪᠠᠷᠢᠵᠤ ᠳᠡᠢᠯᠪᠡᠯ ᠥᠪᠡᠷ ᠤᠨ ᠨᠦᠬᠡᠨ ᠳᠤ ᠪᠠᠨ ᠠᠪᠠᠴᠢᠨ᠎ᠠ ᠃ ᠢᠩᠭᠢᠭᠡᠳ ᠲᠠᠷᠪᠠᠭ᠎ᠠ ᠨᠤᠭᠤᠳ ᠢ ᠪᠦᠬᠦᠨ ᠢ ᠪᠠᠷᠢᠵᠤ ᠪᠠᠷᠠᠪᠠᠯ ᠳᠡᠢᠯᠦᠭᠰᠡᠨ ᠢᠶᠠᠷ ᠪᠣᠳᠤᠨ᠎ᠠ ᠃ ᠲᠡᠭᠡᠭᠡᠳ ᠬᠡᠦᠬᠡᠳ ᠤᠳ ᠬᠥᠯᠦᠰᠦ ᠪᠠᠨ ᠭᠠᠷᠳᠠᠯ᠎ᠠ ᠬᠦᠶᠦᠯᠴᠡᠳᠡᠭ ᠪᠠᠠᠢᠯ᠎ᠠ ᠃ ᠪᠠᠰᠠ ᠡᠪᠦᠯ ᠴᠠᠭ ᠲᠤ ᠮᠥᠰᠦ ᠲᠠᠰᠢᠬᠤ ᠂ ᠴᠠᠰᠤᠨ ᠳᠤ ᠭᠤᠯᠭᠤᠨ ᠨᠠᠭᠠᠳᠴᠤ ᠂ ᠵᠤᠨ ᠴᠠᠭ ᠤᠰᠤᠨ ᠳᠤ ᠤᠮᠪᠠᠳᠠᠭ ᠃ ᠪᠡᠶ᠎ᠡ ᠶᠢᠨ ᠬᠥᠳᠡᠯᠭᠡᠭᠡᠨᠲᠦ ᠲᠣᠭᠯᠠᠭᠠᠮ ᠨᠢ ᠬᠡᠦᠬᠡᠳ ᠤᠨ ᠬᠦᠴᠦ ᠴᠢᠳᠠᠯ ᠢ ᠰᠢᠯᠭᠠᠬᠤ ᠂ ᠲᠡᠩᠬᠡᠭᠡ ᠲᠠᠮᠢᠷ ᠢᠶᠠᠨ ᠰᠢᠯᠭᠠᠬᠤ ᠂ ᠠᠷᠭ᠎ᠠ ᠤᠬᠠᠭᠠᠨ ᠢᠶᠠᠨ ᠰᠢᠯᠭᠠᠬᠤ ᠰᠢᠯᠭᠠᠭᠤᠷ ᠪᠣᠯᠵᠤ ᠪᠠᠢᠳᠠᠭ ᠃

           ᠣᠶᠤᠨ ᠤ ᠲᠠᠯ᠎ᠠ ᠶᠢᠨ ᠲᠣᠭᠯᠠᠭᠠᠮ ᠳᠤ ᠂ ᠱᠠᠭ᠎ᠠ ᠨᠠᠭᠠᠳᠬᠤ ᠂ ᠰᠢᠲᠠᠷ᠎ᠠ ᠲᠣᠭᠯᠠᠬᠤ ᠂ ᠵᠢᠷᠭᠢᠭᠡ ᠲᠠᠯᠪᠢᠬᠤ ᠂ ᠣᠨᠢᠰᠤᠭ᠎ᠠ ᠲᠠᠭᠠᠪᠤᠷᠢ ᠲᠠᠭᠠᠬᠤ ᠂ ᠦᠯᠢᠭᠡᠷ ᠳᠣᠮᠤᠭ ᠶᠠᠷᠢᠬᠤ ᠂ ᠵᠣᠭᠤᠭ ᠶᠠᠷᠢᠬᠤ ᠂ ᠵᠢᠷᠤᠭ᠎ᠠ ᠦᠭᠡ ᠶᠠᠷᠢᠬᠤ ᠂ ᠵᠤᠭ᠎ᠠ ᠦᠭᠡ ᠬᠡᠯᠡᠬᠦ ᠂ ᠬᠣᠯᠪᠤᠭ᠎ᠠ ᠦᠭᠡ ᠶᠠᠷᠢᠬᠤ ᠂ ᠳᠠᠭᠠᠷᠢᠯᠴᠠᠭ᠎ᠠ ᠬᠢᠬᠦ ᠵᠡᠷᠭᠡ ᠵᠦᠢᠯ ᠪᠠᠢᠳᠠᠭ ᠃ ᠰᠤᠨᠳᠠᠭ ᠦᠰᠦᠷᠬᠦ ᠂ ᠳᠡᠭᠡᠰᠦ ᠦᠰᠦᠷᠬᠦ ᠂ ᠬᠤᠮᠠᠭ ᠤᠭᠤᠲᠠ ᠰᠢᠳᠡᠬᠦ ᠂ ᠴᠠᠬᠢᠯᠤᠭᠤᠷ ᠬᠠᠷᠪᠤᠬᠤ ᠂ ᠪᠥᠮᠪᠦᠭᠡ ᠨᠢᠰᠠᠯᠠᠬᠤ ᠂ ᠳᠤᠭᠤᠢ ᠲᠦᠯᠬᠢᠬᠦ ᠵᠡᠷᠭᠡ ᠲᠣᠭᠯᠠᠭᠠᠮ ᠢᠶᠠᠷ ᠲᠣᠭᠯᠠᠬᠤ ᠪᠣᠯᠤᠭᠰᠠᠨ ᠪᠠᠢᠨ᠎ᠠ ᠃ ᠪᠠᠰᠠ ᠬᠥᠯ ᠪᠥᠮᠪᠦᠭᠡ ᠢᠰᠭᠦᠯᠬᠦ ᠲᠣᠭᠯᠠᠭᠠᠮ ᠨᠡᠮᠡᠭᠳᠡᠭᠰᠡᠨ ᠪᠠᠢᠨ᠎ᠠ ᠂ ᠠᠢᠯ ᠤᠨ ᠬᠡᠦᠬᠡᠳ ᠴᠤᠭᠯᠠᠷᠠᠨ ᠬᠥᠳᠡᠭᠡ ᠬᠡᠭᠡᠷ᠎ᠡ ᠪᠤᠶᠤ ᠨᠣᠭᠤᠭᠠᠨ ᠵᠦᠯᠭᠡᠨ ᠳᠡᠭᠡᠷ᠎ᠡ ᠬᠣᠶᠠᠷ ᠡᠭᠦᠳᠡ ᠭᠠᠷᠭᠠᠨ ᠳᠤᠷ᠎ᠠ ᠪᠠᠷ ᠢᠶᠠᠨ ᠢᠰᠭᠦᠯᠦᠨ ᠬᠦᠶᠦᠯᠴᠡᠳᠡᠭ ᠪᠠᠢᠵᠠᠢ ᠃ ᠲᠤᠬᠠᠢ ᠶᠢᠨ ᠦᠶ᠎ᠡ ᠶᠢᠨ ᠬᠡᠦᠬᠡᠳ ᠤᠨ ᠲᠣᠭᠯᠠᠨ ᠭᠦᠶᠦᠬᠦ ᠣᠷᠴᠢᠨ ᠦᠨᠡᠬᠡᠷ ᠴᠢᠯᠦᠭᠡᠲᠡᠢ ᠪᠠᠢᠯ᠎ᠠ ᠭᠡᠯ᠎ᠡ ᠃

           ᠳᠠᠯᠠᠭᠠᠳ  ᠤᠨ  ᠤ ᠬᠡᠦᠬᠡᠳ ᠠᠮᠢᠳᠤᠷᠠᠯ ᠶᠠᠮᠠᠷ ᠪᠠᠢᠭᠰᠠᠨ ᠪᠣᠯ ᠲᠡᠷᠡ ᠬᠡᠪ ᠢᠶᠠᠷ ᠢᠶᠠᠨ ᠯᠡ ᠨᠠᠭᠠᠳᠴᠤ ᠪᠠᠢᠭᠰᠠᠨ

           ᠬᠥᠪᠡᠭᠡᠲᠦ ᠰᠢᠷ᠎ᠠ ᠬᠤᠰᠢᠭᠭᠤᠨ ᠳᠤ ᠨᠤᠲᠤᠭ ᠲᠠᠢ ᠭᠡᠷᠡᠯᠴᠡᠴᠡᠭ ᠪᠠᠭ᠎ᠠ ᠶᠢᠨ ᠦᠶ᠎ᠡ ᠶᠢᠨ ᠲᠣᠭᠯᠠᠵᠤ ᠨᠠᠭᠠᠳᠴᠤ ᠪᠠᠢᠭᠰᠠᠨ ᠢᠶᠠᠨ ᠡᠷᠬᠢᠴᠡᠭᠦᠯᠬᠦ ᠳᠤ ᠪᠠᠨ ᠶᠠᠭ ᠯᠡ ᠬᠡᠦᠬᠡᠳ ᠦᠶ᠎ᠡ ᠳᠤ ᠪᠠᠨ ᠪᠤᠴᠠᠭᠰᠠᠨ ᠰᠢᠭ ᠪᠠᠶᠠᠷᠲᠠᠢ ᠃ ᠲᠡᠳᠡᠨ ᠤ ᠬᠤᠳᠠ ᠶᠢᠨ ᠬᠢᠨ ᠳᠤ ᠳᠥᠷᠪᠡᠨ ᠠᠢᠯ ᠲᠠᠢ ᠪᠠᠢᠭᠰᠠᠨ ᠂ ᠲᠠᠪᠤ ᠵᠢᠷᠭᠤᠭᠠᠨ ᠬᠡᠦᠬᠡᠳ ᠨᠡᠢᠯᠡᠨ ᠨᠠᠭᠠᠳᠳᠠᠭ ᠃ ᠬᠠᠪᠤᠷ ᠪᠤᠶᠤ ᠵᠤᠨ ᠤ ᠳᠤᠯᠠᠭᠠᠬᠠᠨ ᠴᠠᠭ ᠲᠤ ᠬᠡᠦᠬᠡᠳ ᠤᠳ ᠨᠡᠢᠯᠠᠨ ᠠᠢᠯ ᠤᠨ ᠮᠠᠩᠬᠠᠨ ᠳᠡᠭᠡᠷ᠎ᠡ ᠭᠠᠷᠴᠤ ᠠᠢᠯ ᠬᠡᠷ ᠪᠣᠯᠵᠤ ᠨᠠᠭᠠᠳᠳᠠᠭ ᠭᠡᠨ᠎ᠡ ᠃ ᠰᠢᠷᠤᠢ ᠪᠠᠷ ᠪᠠᠷᠢᠭᠰᠠᠨ ᠬᠡᠷ ᠲᠤ ᠨᠢ ᠵᠣᠴᠢᠨ ᠠᠢᠯᠴᠢᠯᠠᠨ ᠢᠷᠡᠬᠦ ᠳᠤ ᠬᠠᠷᠢᠯᠴᠠᠨ 《 ᠰᠠᠢᠨ ᠤᠤ ︖ ᠮᠡᠨᠳᠦ ︖ 》᠎ ᠭᠡᠵᠦ ᠮᠡᠨᠳᠤᠴᠢᠯᠡᠨ ᠰᠠᠭᠤᠯᠭᠠᠳᠠᠭ ᠃ ᠲᠡᠭᠡᠭᠡᠳ ᠡᠬᠢᠯᠡᠨ ᠲᠠᠪᠠᠭ ᠵᠠᠰᠠᠳᠠᠭ ᠃ ᠠᠶᠠᠭᠠᠨ ᠱᠠᠭᠠᠵᠠᠩ ᠢ ᠴᠤᠭᠯᠠᠭᠤᠯᠤᠨ ᠂ ᠪᠦᠳᠦᠭᠦᠨ ᠰᠢᠭ ᠱᠠᠭᠠᠵᠠᠩ ᠤᠨ ᠬᠠᠭᠠᠷᠬᠠᠢ ᠶᠢᠨ ᠬᠠᠮᠤᠭ ᠳᠣᠣᠷ᠎ᠠ ᠨᠢ ᠪᠥᠮᠪᠦᠷᠢᠬᠡᠨ ᠨᠢᠭᠡ ᠯᠡ ᠬᠡᠪ ᠤᠨ ᠠᠷᠭᠠᠯ ᠢ ᠣᠪᠤᠭᠠᠯᠠᠨ ᠬᠡᠳᠦᠨ ᠳᠡᠭᠲᠡᠷ ᠪᠣᠯᠭᠠᠭᠰᠠᠨ ᠤ ᠳᠠᠷᠠᠭ᠎ᠠ ᠲᠠᠬᠢᠨ ᠳᠡᠭᠡᠷ᠎ᠡ ᠨᠢ ᠲᠡᠮᠡᠭᠡᠨ ᠤ ᠬᠣᠮᠤᠯ ᠂ ᠲᠠᠬᠢᠨ ᠬᠤᠨᠢᠨ ᠬᠣᠷᠭᠤᠯ ᠢ ᠳᠡᠭᠲᠡᠷᠯᠡᠨ ᠲᠠᠯᠪᠢᠵᠤ ᠂ ᠵᠠᠪᠰᠠᠷ ᠢᠶᠠᠷ ᠨᠢ ᠬᠠᠭᠤᠷᠠᠢ ᠠᠮᠤ ᠶᠢᠨ ᠣᠷᠤ ᠪᠣᠯᠭᠠᠨ ᠬᠤᠮᠤᠭ ᠰᠢᠷᠤᠢ ᠰᠠᠴᠤᠳᠠᠭ ᠃ ᠪᠠᠰᠠ ᠲᠠᠬᠢᠨ ᠥᠩᠭᠡᠲᠦ ᠱᠠᠭᠠᠵᠠᠩ ᠤᠨ ᠬᠠᠭᠠᠷᠬᠠᠢ ᠶᠢ ᠣᠯᠵᠤ ᠂ ᠬᠠᠮᠤᠭ ᠤᠨ ᠳᠡᠭᠡᠷ᠎ᠡ ᠨᠢ ᠰᠢᠬᠢᠷ ᠤᠨ ᠣᠷᠤ ᠪᠣᠯᠭᠠᠨ ᠵᠠᠰᠠᠨ ᠲᠠᠯᠪᠢᠳᠠᠭ ᠃ ᠲᠡᠷᠡ ᠨᠤᠲᠤᠭ ᠤᠨ ᠬᠢᠨ ᠡᠪᠦᠯ ᠳᠤ ᠪᠠᠨ ᠱᠥᠯᠦ ᠤᠤᠭᠤᠳᠠᠭ ᠃ ᠬᠡᠦᠬᠡᠳ ᠤᠳ ᠱᠠᠭᠠᠵᠠᠩ ᠤᠨ ᠬᠠᠭᠠᠷᠬᠠᠢ ᠳᠤ ᠪᠠᠨ ᠭᠠᠷᠭᠠᠭᠰᠠᠨ ᠱᠥᠯᠦ ᠭᠡᠵᠦ ᠶᠠᠰᠤᠨ ᠤ ᠬᠡᠯᠲᠡᠷᠬᠡᠢ ᠶᠢ ᠣᠯᠵᠤ ᠲᠠᠯᠪᠢᠳᠠᠭ ᠃ ᠬᠡᠦᠬᠡᠳ ᠤᠳ ᠡᠨᠡᠬᠦ ᠲᠠᠪᠠᠭ ᠵᠠᠰᠠᠬᠤ ᠲᠣᠭᠯᠠᠭᠠᠮ ᠨᠢ ᠲᠡᠷᠡ ᠨᠤᠲᠤᠭ ᠤᠨ ᠬᠥᠮᠦᠰ ᠤᠨ ᠵᠢᠯ ᠴᠠᠭᠠᠨ ᠰᠠᠷ᠎ᠠ ᠳᠤ ᠪᠠᠨ ᠲᠠᠪᠠᠭ ᠵᠠᠰᠠᠬᠤ ᠦᠢᠯᠡ ᠶᠢᠨ ᠰᠢᠭᠤᠳ ᠲᠤᠰᠭᠠᠯ ᠪᠣᠯᠵᠤ ᠂ ᠲᠡᠷᠡ ᠨᠤᠲᠤᠭ ᠤᠨ ᠢᠶᠠᠨ ᠵᠠᠩ ᠵᠠᠩᠰᠢᠯ ᠢ ᠬᠠᠷᠠᠭᠤᠯᠵᠤ ᠪᠠᠢᠳᠠᠭ ᠃

          ᠡᠪᠦᠯ ᠴᠠᠭ ᠭᠠᠳᠠᠨ᠎ᠠ ᠬᠦᠢᠲᠡᠨ ᠪᠣᠯᠪᠠᠯ ᠬᠤᠨᠢᠨ ᠤ ᠰᠠᠷᠠᠪᠴᠢᠨ ᠳᠤ ᠪᠠᠨ ᠨᠠᠭᠠᠳᠳᠠᠭ ᠃ ᠭᠠᠷ ᠢᠶᠠᠷ ᠢᠶᠠᠨ ᠬᠤᠨᠢᠨ ᠤ ᠬᠣᠷᠭᠤᠯ ᠢᠶᠠᠷ ᠬᠡᠷᠡᠮ ᠪᠣᠰᠭᠠᠨ ᠠᠢᠯ ᠪᠠᠷᠢᠳᠠᠭ ᠃ ᠬᠡᠷ ᠨᠢ ᠡᠭᠦᠳᠡ ᠴᠣᠩᠬᠤ ᠲᠠᠢ ᠪᠠᠷᠢᠳᠠᠭ ᠃ ᠲᠡᠭᠡᠭᠡᠳ ᠬᠤᠨᠢᠨ ᠤ ᠰᠠᠷᠠᠪᠴᠢᠨ ᠳᠤ ᠪᠠᠨ ᠠᠢᠯ ᠬᠡᠷ ᠪᠣᠯᠤᠯᠴᠠᠨ ᠨᠠᠭᠠᠳᠳᠠᠭ ᠃ ᠲᠤᠬᠠᠢ ᠶᠢᠨ ᠦᠶ᠎ᠡ ᠳᠤ ᠲᠧᠯᠸᠢᠰ ᠪᠠᠢᠭᠰᠠᠨ ᠦᠭᠡᠢ ᠃ ᠭᠡᠷᠡᠯᠴᠡᠴᠡᠭ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ ᠦᠶ᠎ᠡ ᠡᠴᠡ ᠡᠬᠢᠯᠡᠨ ᠡᠵᠢ ᠪᠠᠨ ᠬᠠᠪᠰᠤᠷᠴᠤ ᠬᠡᠷ ᠬᠣᠷᠤᠭ᠎ᠠ ᠪᠠᠨ ᠴᠡᠪᠡᠷᠯᠡᠳᠡᠭ ᠪᠠᠢᠭᠰᠠᠨ ᠭᠡᠨ᠎ᠡ ᠃ ᠰᠥᠨᠢ ᠤᠷᠤᠢ ᠪᠣᠯᠪᠠᠯ ᠮᠸᠢᠶᠢᠦ ᠲᠤᠰᠤᠨ ᠳ᠋ᠧᠩ ᠤᠨ ᠳᠣᠣᠷ᠎ᠠ ᠬᠡᠷ ᠤᠨ ᠠᠬᠠᠮᠠᠳ ᠤᠳ ᠬᠡᠦᠬᠡᠳ ᠲᠤ ᠪᠠᠨ ᠬᠥᠵᠦᠷ ᠨᠠᠭᠠᠳᠬᠤ ᠶᠢ ᠵᠢᠭᠠᠵᠤ ᠰᠤᠷᠭᠠᠳᠠᠭ ᠃ ᠲᠡᠷᠡ ᠬᠡᠦᠬᠡᠳ ᠨᠢ ᠲᠠᠬᠢᠨ ᠪᠤᠰᠤᠳ ᠬᠡᠦᠬᠡᠳ ᠲᠤ ᠪᠠᠨ ᠵᠢᠭᠠᠨ ᠥᠭᠳᠡᠭ ᠃

          ᠬᠡᠷᠡᠯᠴᠡᠴᠡᠭ ᠬᠡᠳᠦᠢᠪᠡᠷ ᠠᠢᠯ ᠤᠨ ᠭᠠᠭᠴᠠ ᠬᠡᠦᠬᠡᠨ ᠪᠠᠢᠵᠤ ᠡᠷᠬᠡ ᠳᠤᠷ᠎ᠠ ᠪᠠᠷ ᠥᠰᠦᠭᠰᠡᠨ ᠪᠣᠯᠪᠠᠴᠤ ᠣᠳᠣᠬᠠᠨ ᠤ ᠬᠢ ᠰᠢᠭ ᠶᠠᠮᠠᠷ ᠴᠤ ᠬᠤᠳᠠᠯᠳᠤᠭᠠᠨ ᠤ ᠲᠣᠭᠯᠠᠭᠠᠮ ᠤᠨ ᠵᠦᠢᠯ ᠪᠠᠢᠭᠰᠠᠨ ᠦᠭᠡᠢ ᠂ ᠰᠢᠪᠠᠷ ᠰᠢᠷᠤᠢ ᠪᠠᠷ ᠢᠶᠠᠨ ᠯᠡ ᠨᠠᠭᠠᠳᠴᠤ ᠪᠠᠢᠭᠰᠠᠨ ᠃

          ᠱᠠᠭ᠎ᠠ ᠨᠠᠭᠠᠳᠴᠤ ᠪᠠᠢᠭᠰᠠᠨ ᠪᠥᠭᠡᠳ ᠭᠣᠣᠯᠳᠠᠭᠤ ᠣᠷᠬᠢᠵᠤ ᠨᠠᠭᠠᠳᠬᠤ ᠂ ᠨᠢᠰᠠᠯᠵᠤ ᠨᠠᠭᠠᠳᠬᠤ ᠂ ᠥᠷᠦᠵᠦ ᠨᠠᠭᠠᠳᠬᠤ ᠭᠡᠵᠦ ᠬᠡᠳᠦᠨ ᠵᠦᠢᠯ ᠤᠨ ᠠᠷᠭ᠎ᠠ ᠪᠠᠢᠳᠠᠭ ᠃ ᠱᠠᠭ᠎ᠠ ᠶᠢᠨ ᠳᠥᠷᠪᠡᠨ ᠲᠠᠯ᠎ᠠ ᠶᠢ ᠨᠤᠲᠤᠭ ᠨᠤᠲᠤᠭ ᠤᠨ ᠬᠥᠮᠦᠰ ᠤᠨ ᠨᠡᠷᠡᠢᠳᠬᠦ ᠨᠢ ᠠᠳᠠᠯᠢ ᠦᠭᠡᠢ ᠪᠠᠢᠳᠠᠭ ᠃ ᠲᠡᠳᠡᠨ ᠤ ᠨᠤᠲᠤᠭ ᠤᠨ ᠭᠦᠨ ᠱᠠᠭ᠎ᠠ ᠶᠢᠨ ᠳᠥᠷᠪᠡᠨ ᠲᠠᠯ᠎ᠠ ᠶᠢ ᠮᠣᠷᠢ ᠂ ᠲᠡᠮᠡᠭᠡ ( ᠦᠬᠡᠷ ) ᠂ ᠬᠣᠨᠢ ᠂ ᠢᠮᠠᠭ᠎ᠠ ᠭᠡᠳᠡᠭ ᠃

           ᠵᠢᠷᠭᠢᠭᠡ ᠴᠤ ᠨᠠᠭᠠᠳᠴᠤ ᠪᠠᠢᠭᠰᠠᠨ ᠲᠤᠬᠠᠢ ᠡᠷᠬᠢᠴᠡᠭᠦᠯᠬᠦ ᠳᠤ ᠪᠠᠨ ᠭᠠᠵᠠᠷ ᠲᠠᠭᠡᠷ᠎ᠡ ᠬᠤᠷᠤᠭᠤ ᠪᠠᠷ ᠢᠶᠠᠨ ᠵᠢᠷᠭᠢᠭᠡ ᠶᠢᠨ ᠢᠶᠠᠨ ᠵᠠᠮ ᠢ ᠵᠢᠷᠤᠵᠤ ᠂ ᠨᠣᠬᠠᠢ ᠪᠠᠨ ᠲᠡᠭᠦᠵᠦ ᠴᠤᠭᠯᠠᠭᠤᠯᠳᠠᠭ ᠃ ᠲᠡᠭᠡᠭᠡᠳ ᠠᠢᠯ ᠤᠨ ᠬᠡᠦᠬᠡᠳ ᠭᠠᠳᠠᠨ᠎ᠠ ᠰᠠᠭᠤᠯᠴᠠᠵᠤ ᠨᠠᠭᠠᠳᠳᠠᠭ ᠭᠡᠯ᠎ᠡ ᠃

           ᠶᠡᠷᠡᠭᠡᠳ  ᠤᠨ  ᠤ ᠬᠡᠦᠬᠡᠳ ᠰᠦᠯᠵᠢᠶᠡᠨ ᠲᠣᠭᠯᠠᠭᠠᠮ ᠡᠴᠡ ᠵᠠᠢᠳᠠᠬᠤ ᠴᠢᠬᠤᠯᠠ ᠲᠠᠢ ᠪᠣᠯᠵᠠᠢ

           ᠠᠩᠬ᠎ᠠ ᠳᠤᠮᠳᠠᠳᠤ ᠳᠤ ᠰᠤᠷᠤᠯᠴᠠᠵᠤ ᠪᠠᠢᠭ᠎ᠠ ᠲᠠᠯ᠎ᠠ ᠳᠡᠭᠦᠦ ᠲᠠᠢ ᠠᠭᠤᠯᠵᠠᠨ ᠶᠠᠷᠢᠯᠴᠠᠬᠤ ᠶᠢᠨ ᠲᠤᠰᠠᠳᠠ ᠰᠤᠷᠪᠤᠯᠵᠢᠯᠠᠭᠴᠢ ᠬᠡᠳᠤᠨᠳᠡ ᠪᠣᠯᠵᠤᠭᠰᠠᠨ ᠶᠤᠮ ᠃

           ᠳᠡᠭᠦᠦ ᠣᠳᠣᠬᠠᠨ ᠠᠩᠬ᠎ᠠ ᠳᠤᠮᠳᠠᠳᠤ ᠳᠤ ᠰᠤᠷᠤᠯᠴᠠᠵᠤ ᠪᠠᠢᠳᠠᠭ ᠃ ᠬᠤᠭᠤᠴᠠᠭᠠᠨ ᠳᠤᠮᠳᠠᠬᠢ ᠰᠢᠯᠭᠠᠯᠲᠠ ᠪᠠᠨ ᠬᠢᠷᠢ ᠵᠡᠷᠭᠡ ᠰᠢᠯᠭᠠᠭᠰᠠᠨ ᠲᠤᠬᠠᠢ ᠠᠰᠠᠭᠤᠬᠤ ᠳᠤ ᠳᠣᠭᠤᠭᠰᠢ ᠬᠠᠷᠠᠨ ᠂ ᠡᠨᠡ ᠤᠳᠠᠭ᠎ᠠ ᠰᠢᠯᠭᠠᠭᠰᠠᠨ ᠳᠡᠮᠡᠢ ᠯᠡ ᠭᠡᠨ᠎ᠡ ᠃ ᠲᠠᠯ᠎ᠠ ᠳᠡᠭᠦᠦ ᠪᠠᠭ᠎ᠠ ᠳᠤ ᠪᠠᠨ ᠴᠤ ᠠᠪᠤ ᠡᠵᠢ ᠶᠢᠨ ᠢᠶᠠᠨ ᠠᠮᠠᠨ ᠳᠤ ᠪᠠᠨ ᠬᠢᠪᠡᠯ ᠬᠠᠢᠯᠤᠮᠠᠷ ᠂ ᠠᠯᠠᠭᠠᠨ ᠳᠡᠭᠡᠷ᠎ᠡ ᠪᠠᠨ ᠲᠠᠯᠪᠢᠪᠠᠯ ᠪᠥᠮᠪᠦᠷᠢᠮᠡᠷ ᠡᠷᠬᠡ ᠬᠠᠢᠷ᠎ᠠ ᠲᠠᠢ ᠮᠥᠷᠲᠡᠭᠡᠨ ᠤᠬᠠᠭᠠᠨ ᠲᠣᠮᠤᠭ᠎ᠠ ᠲᠠᠢ ᠥᠰᠦᠭᠰᠡᠨ ᠶᠤᠮ ᠃ ᠮᠥᠨ ᠠᠢᠯ ᠤᠨ ᠭᠠᠭᠴᠠ ᠬᠡᠦᠬᠡᠳ ᠪᠠᠢᠭᠰᠠᠨ ᠡᠴᠡ ᠨᠠᠭᠠᠳᠬᠤ ᠬᠠᠨᠢ ᠦᠭᠡᠢ ᠪᠠᠢᠵᠤ ᠂ ᠪᠠᠭ᠎ᠠ ᠳᠤ ᠨᠢ ᠠᠪᠤ ᠨᠢ ᠵᠦᠢᠯ ᠤᠨ ᠲᠣᠭᠯᠠᠭᠠᠮ ᠤᠨ ᠮᠠᠰᠢᠨ ᠢ ᠬᠡᠳᠦᠨ ᠡᠳᠦᠷ ᠲᠤ ᠨᠢᠭᠡ ᠶᠢ ᠬᠤᠳᠠᠯᠳᠤᠨ ᠠᠪᠴᠢᠷᠠᠵᠤ ᠥᠭᠳᠡᠭ ᠃ ᠲᠠᠯ᠎ᠠ ᠲᠡᠳᠡᠭᠡᠷ ᠲᠣᠭᠯᠠᠭᠠᠮ ᠤᠨ ᠮᠠᠰᠢᠨ ᠢᠶᠠᠨ ᠮᠠᠰᠢ ᠪᠠᠶᠠᠷ ᠪᠠᠬᠠᠳᠤᠯ ᠲᠠᠢ ᠨᠠᠭᠠᠳᠳᠠᠭ ᠪᠠᠢᠯ᠎ᠠ ᠃ ᠡᠳᠡᠭᠡᠷ ᠲᠣᠭᠯᠠᠭᠠᠮ ᠤᠨ ᠲᠡᠷᠭᠡ ᠂ ᠲᠣᠭᠯᠠᠭᠠᠮ ᠤᠨ ᠬᠡᠷᠡᠭᠰᠡᠯ ᠢᠶᠠᠷ ᠢᠶᠠᠨ ᠨᠠᠭᠠᠳᠬᠤ ᠡᠴᠡ ᠭᠠᠳᠠᠨ᠎ᠠ ᠠᠮᠠᠷᠠᠯᠲᠠ ᠪᠠᠷ ᠠᠪᠤ ᠡᠵᠢ ᠪᠠᠨ ᠲᠠᠭᠠᠨ ᠴᠡᠴᠡᠷᠯᠢᠭ ᠢᠶᠠᠷ ᠲᠣᠭᠤᠷᠢᠬᠤ ᠪᠤᠶᠤ ᠬᠡᠬᠡᠷᠡᠯᠡᠨ ᠨᠠᠭᠠᠳᠬᠤ ᠡᠴᠡ ᠪᠤᠰᠤᠳ ᠤᠯᠠᠨ ᠭᠠᠳᠠᠨᠠᠬᠢ ᠲᠣᠭᠯᠠᠭᠠᠮ ᠳᠤ ᠣᠷᠤᠯᠴᠠᠭᠰᠠᠨ ᠦᠭᠡᠢ ᠃ ᠤᠳᠠᠯ ᠦᠭᠡᠢ ᠲᠡᠬᠦᠦᠦᠳᠡᠢ ᠮᠢᠨᠢ ᠪᠠᠭ᠎ᠠ ᠰᠤᠷᠭᠠᠭᠤᠯᠢ ᠳᠤ ᠣᠷᠤᠨ ᠠᠩᠭᠢ ᠶᠢᠨ ᠨᠦᠭᠦᠳ ᠲᠠᠢ ᠪᠠᠨ ᠳᠠᠰᠤᠯᠴᠠᠨ ᠰᠤᠷᠭᠠᠭᠤᠯᠢ ᠶᠢᠨ ᠬᠢᠴᠢᠶᠡᠯ ᠤᠨ ᠭᠠᠳᠠᠨᠠᠬᠢ ᠬᠥᠳᠡᠯᠭᠡᠭᠡᠨ ᠡᠴᠡ ᠪᠤᠰᠤᠳ ᠰᠤᠯᠠ ᠰᠡᠯᠡᠭᠦᠦ ᠴᠠᠭ ᠲᠤ ᠪᠠᠰᠠ ᠲᠠᠭᠠᠷᠠᠭᠰᠠᠨ ᠬᠡᠳᠦ ᠲᠠᠢ ᠪᠠᠨ ᠴᠠᠭᠠᠰᠤᠨ ᠫᠠᠷᠵᠢ ᠴᠣᠬᠢᠨ ᠨᠠᠭᠠᠳᠳᠠᠭ ᠃ ᠲᠡᠳᠡᠨᠦᠰ ᠤᠨ ᠨᠠᠭᠠᠳᠳᠠᠭ ᠫᠠᠷᠵᠢ ᠨᠢ ᠰᠤᠷᠭᠠᠭᠤᠯᠢ ᠶᠢᠨ ᠣᠢᠷᠠᠯᠴᠠᠭ᠎ᠠ ᠵᠢᠵᠢᠭ᠌ ᠫᠠᠨᠽᠠᠴᠢᠨ ᠡᠴᠡ ᠬᠤᠳᠠᠯᠳᠤᠨ ᠠᠪᠳᠠᠭ ᠠᠷᠪᠠᠨ ᠮᠥᠩᠭᠦ ᠶᠢᠨ ᠫᠠᠷᠵᠢ ᠪᠠᠢᠯ᠎ᠠ ᠃ ᠬᠡᠷ ᠲᠤ ᠪᠠᠨ ᠬᠠᠷᠢᠪᠠᠯ ᠳᠠᠰᠭᠠᠯ ᠳᠠᠭᠠᠭᠠᠯᠭᠠᠪᠤᠷᠢ ᠪᠠᠨ ᠬᠢᠵᠦ ᠳᠠᠭᠤᠰᠭᠠᠪᠠᠯ ᠠᠪᠤ ᠪᠤᠶᠤ ᠡᠵᠢ ᠲᠠᠢ ᠪᠠᠨ ᠡᠯ᠎ᠡ ᠵᠦᠢᠯ ᠤᠨᠰᠢᠳᠡᠷ᠎ᠡ ᠲᠠᠯᠪᠢᠨ ᠨᠠᠭᠠᠳᠳᠠᠭ ᠃ ᠲᠠᠯ᠎ᠠ ᠬᠢᠴᠢᠶᠡᠯ ᠰᠤᠷᠤᠯᠭ᠎ᠠ ᠳᠤ ᠪᠠᠨ ᠴᠢᠷᠮᠠᠢᠯᠲᠠ ᠲᠠᠢ ᠂ ᠪᠠᠭᠰᠢ ᠪᠠ ᠨᠦᠭᠦᠳ ᠲᠤ ᠪᠠᠨ ᠬᠦᠷᠢᠶᠡᠯᠡᠯ ᠲᠠᠢ ᠭᠤᠷᠪᠠᠨ ᠰᠠᠢᠲᠠᠢ ᠰᠤᠷᠤᠭᠴᠢ ᠪᠠᠢᠯ᠎ᠠ ᠃ ᠲᠡᠭᠡᠭᠡᠳ ᠰᠢᠯᠢᠳᠡᠭ ᠪᠦᠲᠦᠮᠵᠢ ᠪᠠᠷ ᠠᠩᠬ᠎ᠠ ᠳᠤᠮᠳᠠᠳᠤ ᠳᠤ ᠳᠠᠪᠰᠢᠨ ᠣᠷᠤᠵᠠᠢ ᠃ ᠲᠠᠯ᠎ᠠ ᠴᠤ ᠥᠰᠴᠦ ᠥᠪᠡᠷ ᠤᠨ ᠢᠶᠠᠨ ᠦᠵᠡᠯᠲᠡ ᠲᠠᠨᠢᠯᠲᠠ ᠲᠠᠢ ᠪᠣᠯᠪᠠ ᠃ ᠡᠬᠢᠯᠡᠨ ᠠᠪᠤ ᠶᠢᠨ ᠢᠶᠠᠨ ᠺᠣᠮᠫᠢᠦ᠋ᠲ᠋ᠧᠷ ᠲᠠᠢ ᠣᠢᠷᠠᠲᠤᠨ ᠲᠣᠭᠯᠠᠭᠠᠮ ᠵᠢᠭᠠᠬᠠᠨ ᠨᠠᠭᠠᠳᠴᠤ ᠰᠤᠷᠤᠯ᠎ᠠ ᠃ ᠠᠩᠬ᠎ᠠ ᠡᠬᠢᠯᠡᠬᠦ ᠳᠤ ᠵᠢᠭᠠᠬᠠᠨ ᠨᠠᠭᠠᠳᠪᠠᠯ ᠵᠤᠭᠰᠤᠴᠢᠬᠠᠳᠠᠭ ᠪᠠᠢᠭᠰᠠᠨ ᠡᠴᠡ ᠪᠠᠨ ᠴᠠᠭ ᠢᠶᠠᠷ ᠨᠠᠭᠠᠳᠬᠤ ᠪᠣᠯᠪᠠ ᠃ ᠠᠪᠤ ᠡᠵᠢ ᠨᠢ ᠬᠡᠷ ᠲᠤ ᠪᠠᠨ ᠦᠭᠡᠢ ᠲᠡᠭᠦᠨ ᠢ ᠭᠠᠭᠴᠠᠭᠠᠷ ᠬᠠᠶᠠᠪᠠᠯ ᠨᠡᠩ ᠢᠯᠡᠭᠦᠦ ᠨᠠᠭᠠᠳᠬᠤ ᠪᠣᠯᠪᠠ ᠃ ᠲᠡᠭᠦᠨᠴᠢᠯᠡᠨ ᠠᠪᠤ ᠡᠵᠢ ᠨᠢ ᠤᠨᠲᠠᠪᠠᠯ ᠰᠥᠨᠢ ᠪᠠᠷ ᠪᠣᠰᠴᠤ ᠨᠠᠭᠠᠳᠳᠠᠭ ᠪᠣᠯᠤᠯ᠎ᠠ ᠃ ᠤᠤᠯ ᠤᠨ ᠨᠣᠮ ᠲᠠᠢ ᠬᠡᠦᠬᠡᠳ ᠪᠠᠢᠭᠰᠠᠨ ᠡᠴᠡ ᠪᠠᠨ ᠡᠵᠢ ᠪᠠᠨ ᠰᠥᠷᠦᠨ ᠨᠠᠭᠠᠳᠳᠠᠭ ᠪᠣᠯᠪᠠ ᠃ ᠲᠠᠯ᠎ᠠ ᠶᠢᠨ ᠨᠢᠳᠦ ᠨᠢ ᠮᠠᠭᠤᠳᠠᠵᠤ ᠰᠢᠯ ᠲᠠᠭᠠᠷᠠᠭᠤᠯᠪᠠ ᠃ ᠰᠤᠷᠤᠯᠭ᠎ᠠ ᠶᠢᠨ ᠬᠢᠷᠢ ᠪᠦᠲᠦᠮᠵᠢ ᠨᠢ ᠳᠣᠷᠤᠭᠰᠢᠯᠠᠵᠤ ᠠᠩᠭᠢ ᠳᠤ ᠪᠠᠨ ᠳᠤᠮᠳᠠ ᠡᠴᠡ ᠳᠣᠣᠭᠤᠷ ᠣᠷᠤᠬᠤ ᠪᠣᠯᠤᠯ᠎ᠠ ᠃ ᠲᠠᠯ᠎ᠠ ᠶᠢᠨ ᠡᠵᠢ ᠨᠢ ᠠᠷᠭ᠎ᠠ ᠪᠠᠷᠠᠭᠳᠠᠭᠰᠠᠨ ᠮᠠᠶᠢᠭ ᠲᠠᠢ ᠭᠠᠷ ᠢᠶᠠᠨ ᠨᠤᠬᠤᠯᠠᠨ ᠪᠦᠷ ᠰᠦᠯᠵᠢᠶᠡᠨ ᠲᠣᠭᠯᠠᠭᠠᠮ ᠨᠠᠭᠠᠳᠤᠭᠰᠠᠨ ᠡᠴᠡ ᠪᠣᠯᠤᠯ᠎ᠠ ᠭᠡᠨ᠎ᠡ ᠃

          ᠲᠠᠯ᠎ᠠ ᠳᠡᠭᠦᠦ ᠴᠤ ᠥᠪᠡᠷ ᠢᠶᠠᠨ ᠬᠡᠮᠰᠢᠭᠰᠡᠨ ᠪᠠᠢᠳᠠᠯ ᠲᠠᠢ ᠄ 《 ᠰᠦᠯᠵᠢᠶᠡᠨ ᠲᠣᠭᠯᠠᠭᠠᠮ ᠳᠤ ᠪᠡᠶ᠎ᠡ ᠪᠠᠨ ᠪᠠᠷᠢᠵᠤ ᠳᠡᠢᠯᠬᠦ ᠦᠭᠡᠢ ᠪᠣᠯᠤᠭᠰᠠᠨ ᠢᠶᠠᠨ ᠥᠪᠡᠷ ᠢᠶᠠᠨ ᠴᠤ ᠮᠡᠳᠡᠬᠦ ᠦᠭᠡᠢ ᠂ ᠡᠭᠦᠨ ᠡᠴᠡ ᠬᠣᠢᠰᠢ ᠲᠠᠬᠢᠨ ᠰᠦᠯᠵᠢᠶᠡᠨ ᠲᠣᠭᠯᠠᠭᠠᠮ ᠡᠴᠡ ᠵᠠᠢᠳᠠᠵᠤ ᠂ ᠰᠤᠷᠤᠯᠭ᠎ᠠ ᠳᠤ ᠪᠠᠨ ᠰᠡᠳᠭᠢᠯ ᠢᠶᠠᠨ ᠲᠦᠪᠯᠡᠷᠡᠭᠦᠯᠵᠤ ᠂ ᠬᠣᠵᠢᠮᠳᠠᠭᠰᠠᠨ ᠬᠢᠴᠢᠶᠡᠯ ᠢᠶᠠᠨ ᠨᠥᠬᠦᠵᠦ ᠠᠪᠬᠤ ᠪᠠᠷ ᠴᠢᠮᠠᠢᠨ᠎ᠠ 》᠎ ᠭᠡᠵᠦ ᠵᠣᠷᠢᠭ ᠢᠶᠠᠨ ᠢᠯᠡᠳᠭᠡᠨ᠎ᠡ ᠃ ᠦᠷ᠎ᠡ ᠡᠴᠡ ᠲᠠᠯ᠎ᠠ ᠳᠡᠭᠦᠦ ᠺᠣᠮᠫᠢᠦ᠋ᠲ᠋ᠧᠷ ᠲᠤ ᠭᠠᠷᠬᠤ ᠪᠠᠨ ᠴᠢᠩᠭ᠎ᠠ ᠬᠢᠵᠠᠭᠠᠷᠯᠠᠵᠤ ᠂ ᠡᠵᠢ ᠨᠢ ᠲᠡᠭᠦᠨ ᠳᠤ ᠬᠡᠳᠦᠨ ᠲᠥᠷᠦᠯ ᠤᠨ ᠬᠡᠷ ᠤᠨ ᠪᠠᠭᠰᠢ ᠵᠠᠯᠠᠵᠤ ᠬᠢᠴᠢᠶᠡᠯ ᠢ ᠨᠢ ᠨᠦᠬᠦᠪᠦᠷᠢᠯᠡᠬᠦᠯᠵᠤ ᠪᠠᠢᠨ᠎ᠠ ᠭᠡᠨ᠎ᠡ ᠃ ᠲᠠᠯ᠎ᠠ ᠳᠡᠭᠦᠦ ᠶᠢᠨ ᠢᠶᠠᠨ ᠰᠤᠷᠤᠯᠭ᠎ᠠ ᠶᠢᠨ ᠠᠮᠵᠢᠯᠲᠠ ᠂ ᠪᠡᠶ᠎ᠡ ᠰᠡᠳᠭᠢᠯ ᠤᠨ ᠡᠷᠡᠭᠦᠯ ᠢᠶᠠᠷ ᠦᠰᠦᠨ ᠪᠣᠢᠵᠢᠬᠤ ᠶᠢ ᠵᠥᠩᠨᠡᠨ ᠰᠤᠷᠪᠤᠯᠵᠢᠯᠠᠭ᠎ᠠ ᠪᠠᠨ ᠦᠨᠳᠤᠷᠯᠠᠭᠦᠯᠵᠤ ᠪᠢᠯᠡ ᠃

          ᠲᠤᠰᠭᠠᠢ ᠮᠡᠷᠭᠡᠵᠢᠯᠲᠡᠨ ᠄

          ᠰᠣᠶᠤᠯ ᠪᠣᠯ ᠬᠤᠪᠢᠷᠠᠮᠠᠲᠠᠭᠠᠢ ᠪᠠᠢᠵᠤ ᠤᠯᠠᠮᠵᠢᠯᠠᠯᠲᠤ ᠬᠡᠦᠬᠡᠳ ᠤᠨ ᠲᠣᠭᠯᠠᠭᠠᠮ ᠤᠨ ᠮᠠᠷᠲᠠᠭᠳᠠᠵᠤ ᠣᠷᠬᠢᠭᠳᠠᠬᠤ ᠪᠣᠯ ᠠᠶᠠᠨᠳᠠᠭᠠᠨ ᠤ ᠬᠢ ᠶᠤᠮ ᠣᠳᠣᠬᠠᠨ ᠤ ᠬᠡᠦᠬᠡᠳ ᠲᠣᠣᠷ ᠰᠦᠯᠵᠢᠶ᠎ᠡ ᠪᠠᠷ ᠭᠣᠣᠯᠯᠠᠵᠤ ᠂ ᠡᠯᠧᠺᠲ᠋ᠷᠣᠨ ᠲᠣᠭᠯᠠᠭᠠᠮ ᠳᠤ ᠰᠢᠨᠤᠵᠤ ᠂ ᠤᠯᠠᠮᠵᠢᠯᠠᠯᠲᠤ ᠲᠣᠭᠯᠠᠭᠠᠮ ᠤᠨ ᠵᠦᠢᠯ ᠮᠠᠷᠲᠠᠭᠳᠠᠵᠤ ᠣᠷᠬᠢᠭᠳᠠᠬᠤ ᠬᠡᠮᠵᠢᠶᠡᠨ ᠳᠤ ᠬᠦᠷᠦᠭᠰᠡᠨ ᠲᠤᠬᠠᠢ ᠠᠰᠠᠭᠤᠬᠤ ᠳᠤ ᠪᠤᠶᠠᠨᠬᠡᠰᠢᠭ ᠪᠠᠭᠰᠢ ᠡᠴᠡ ᠰᠣᠶᠤᠯ ᠪᠣᠯ ᠬᠤᠪᠢᠷᠠᠮᠠᠲᠠᠭᠠᠢ ᠪᠠᠢᠵᠤ ᠤᠯᠠᠮᠵᠢᠯᠠᠯᠲᠤ ᠬᠡᠦᠬᠡᠳ ᠤᠨ ᠲᠣᠭᠯᠠᠭᠠᠮ ᠤᠨ ᠮᠠᠷᠲᠠᠭᠳᠠᠵᠤ ᠤᠷᠬᠢᠭᠳᠠᠵᠤ ᠨᠢ ᠨᠡᠢᠭᠡᠮ ᠤᠨ ᠬᠥᠭᠵᠢᠯ ᠤᠨ ᠬᠠᠨᠳᠤᠰᠢ ᠶᠤᠮ ᠃ ᠬᠡᠦᠬᠡᠳ ᠤᠨ ᠲᠣᠭᠯᠠᠭᠠᠮ ᠪᠣᠯ ᠮᠠᠨ ᠤ ᠦᠨᠳᠦᠰᠦᠲᠡᠨ ᠤ ᠰᠣᠶᠤᠯ ᠤᠨ ᠨᠠᠨᠳᠢᠨ ᠥᠪ ᠮᠥᠨ ᠂ ᠬᠡᠦᠬᠡᠳ ᠤᠨ ᠲᠣᠭᠯᠠᠭᠠᠮ ᠨᠢ ᠮᠥᠨ ᠴᠤ ᠨᠢᠭᠡ ᠵᠦᠢᠯ ᠤᠨ ᠰᠣᠶᠤᠯ ᠂ ᠳᠠᠷᠤᠢ ᠵᠠᠩ ᠦᠢᠯᠡ ᠶᠢᠨ ᠰᠣᠶᠤᠯ ᠪᠣᠯᠤᠭᠰᠠᠨ ᠤ ᠬᠤᠪᠢ ᠲᠤ ᠬᠡᠭᠡᠭᠳᠡᠵᠤ ᠣᠷᠬᠢᠭᠳᠠᠬᠤ ᠨᠢ ᠠᠶᠠᠨᠳᠠᠭᠠᠨ ᠤ ᠬᠢ ᠶᠤᠮ ᠃ ᠡᠯᠧᠺᠲ᠋ᠷᠣᠨ ᠲᠣᠭᠯᠠᠭᠠᠮ ᠢᠶᠠᠷ ᠤᠯᠠᠮᠵᠢᠯᠠᠯᠲᠤ ᠲᠣᠭᠯᠠᠭᠠᠮ ᠢ ᠣᠷᠤᠯᠠᠬᠤ ᠨᠢ ᠬᠡᠦᠬᠡᠳ ᠤᠨ ᠨᠠᠭᠠᠳᠤᠮ ᠤᠨ ᠴᠠᠭ ᠦᠶ᠎ᠡ ᠶᠢᠨ ᠬᠥᠭᠵᠢᠯᠲᠡ ᠬᠤᠪᠢᠷᠠᠯᠲᠠ ᠶᠢ ᠬᠠᠷᠠᠭᠤᠯᠵᠤ ᠪᠠᠢᠳᠠᠭ ᠃

          ᠬᠡᠦᠬᠡᠳ ᠡᠳᠦᠷᠵᠢᠨ ᠺᠣᠮᠫᠢᠦ᠋ᠲ᠋ᠧᠷ ᠰᠦᠯᠵᠢᠶ᠎ᠡ ᠲᠠᠢ ᠠᠪᠤᠯᠴᠠᠬᠤ ᠨᠢ ᠺᠣᠮᠫᠢᠦ᠋ᠲ᠋ᠧᠷ ᠤᠨ ᠮᠡᠷᠭᠡᠵᠢᠯ ᠢ ᠡᠵᠡᠮᠰᠢᠬᠦ ᠳᠤ ᠳᠥᠬᠦᠮ ᠪᠣᠯᠤᠭᠰᠠᠨ ᠪᠣᠯᠪᠠᠴᠤ ᠬᠠᠰᠢ ᠯᠠ ᠮᠠᠭᠤ ᠲᠠᠢ ᠲᠠᠯ᠎ᠠ ᠨᠢ ᠤᠯᠠᠨ ᠂ ᠬᠡᠦᠬᠡᠳ ᠴᠠᠭ ᠢᠶᠠᠨᠺᠤᠮᠫᠢᠦᠲ᠋ᠸᠷ ᠲᠤ ᠦᠷᠡᠭᠡᠵᠤ ᠂ ᠰᠤᠷᠤᠯᠭ᠎ᠠ ᠶᠢᠨ ᠬᠢᠷᠢ ᠪᠦᠲᠦᠮᠵᠢ ᠶᠢ ᠶᠡᠬᠡ ᠪᠠᠷ ᠨᠥᠯᠦᠭᠡᠯᠡᠳᠡᠭ ᠃

          ᠤᠷᠳᠤ ᠬᠤᠭᠤᠴᠠᠭ᠎ᠠ ᠪᠠᠷ ᠺᠣᠮᠫᠢᠦ᠋ᠲ᠋ᠧᠷ ᠲᠠᠢ ᠣᠢᠷᠠᠲᠤᠬᠤ ᠨᠢ ᠬᠡᠦᠬᠡᠳ ᠪᠠᠭᠠᠴᠤᠳ ᠤᠨ ᠪᠡᠶ᠎ᠡ ᠮᠠᠬᠠᠪᠤᠳ ᠤᠨ ᠦᠰᠦᠨ ᠪᠣᠢᠵᠢᠯᠲᠠ ᠳᠤ ᠠᠰᠢᠭ ᠦᠭᠡᠢ ᠃ ᠰᠡᠳᠭᠢᠴᠡ ᠶᠢᠨ ᠡᠷᠡᠭᠦᠯ ᠮᠡᠨᠳᠦ ᠶᠢ ᠴᠤ ᠨᠥᠯᠦᠭᠡᠯᠡᠳᠡᠭ ᠃ ᠬᠡᠦᠬᠡᠳ ᠪᠠᠭᠠᠴᠤᠳ ᠡᠯᠧᠺᠲ᠋ᠷᠣᠨ ᠲᠣᠭᠯᠠᠭᠠᠮ ᠂ ᠰᠦᠯᠵᠢᠶᠡᠨ ᠲᠣᠭᠯᠠᠭᠠᠮ ᠳᠤ ᠰᠢᠨᠤᠭᠰᠠᠨ ᠡᠴᠡ ᠣᠶᠤᠨ ᠰᠠᠨᠠᠭᠠᠨ ᠤ ᠲᠠᠯ᠎ᠠ ᠪᠠᠷ ᠨᠠᠵᠠᠭᠠᠢᠷᠠᠵᠤ ᠂ ᠴᠠᠭ ᠲᠤᠬᠠᠢ ᠳᠤ ᠨᠢ ᠵᠢᠭᠠᠨ ᠵᠢᠯᠤᠭᠤᠳᠬᠤ ᠦᠭᠡᠢ ᠪᠣᠯ ᠳᠠᠯᠳᠠ ᠴᠢᠨᠠᠷᠲᠠᠢ ᠣᠶᠤᠨ ᠰᠠᠨᠠᠭᠠᠨ ᠤ ᠠᠷᠬᠠᠭ ᠬᠡᠮ ᠣᠯᠳᠠᠭ ᠃ ᠣᠯᠠᠩᠬᠢ ᠬᠡᠷ ᠤᠨ ᠠᠬᠠᠮᠠᠳ ᠬᠡᠦᠬᠡᠳ ᠢᠶᠠᠨ ᠬᠡᠷ ᠲᠤ ᠪᠠᠨ ᠰᠦᠯᠵᠢᠶᠡᠨ ᠳᠤ ᠭᠠᠷᠬᠤ ᠶᠢ ᠬᠢᠵᠠᠭᠠᠷᠯᠠᠭᠰᠠᠨ ᠡᠴᠡ ᠬᠡᠦᠬᠡᠳ ᠰᠦᠯᠵᠢᠶᠡᠨ ᠪᠠᠭᠠᠷ ᠲᠤ ᠣᠴᠢᠨ ᠂ ᠰᠦᠯᠵᠢᠶ᠎ᠡ ᠳᠤ ᠭᠠᠷᠳᠠᠭ ᠃ ᠲᠡᠭᠡᠭᠡᠳ ᠪᠡᠶ᠎ᠡ ᠳᠡᠬᠢ ᠮᠥᠩᠭᠦ ᠵᠣᠭᠤᠰ ᠨᠢ ᠬᠦᠷᠦᠯᠴᠡᠬᠦ ᠦᠭᠡᠢ ᠡᠴᠡ ᠪᠣᠯᠵᠤ ᠬᠡᠷ ᠤᠨ ᠠᠬᠠᠮᠠᠳ ᠢᠶᠠᠨ ᠬᠠᠭᠤᠷᠴᠤ ᠵᠣᠭᠤᠰ ᠠᠪᠬᠤ ᠂ ᠳᠣᠣᠷ᠎ᠠ ᠠᠩᠭᠢ ᠶᠢᠨ ᠨᠦᠭᠦᠳ ᠢᠶᠠᠨ ᠠᠶᠤᠯᠭᠠᠨ ᠰᠦᠷᠳᠡᠬᠦᠯᠵᠤ ᠵᠣᠭᠤᠰ ᠢ ᠨᠢ ᠠᠪᠬᠤ ᠂ ᠴᠢᠨᠠᠭᠰᠢᠯᠠᠨ ᠬᠤᠯᠠᠭᠠᠢᠯᠠᠵᠤ ᠮᠡᠬᠡᠯᠡᠳᠡᠭ ᠃ ᠡᠢᠮᠦ ᠡᠴᠡ ᠵᠠᠷᠢᠮ ᠰᠦᠯᠵᠢᠶᠡᠨ ᠲᠣᠭᠯᠠᠭᠠᠮ ᠨᠢ ᠬᠡᠦᠬᠡᠳ ᠪᠠᠭᠠᠴᠤᠳ ᠲᠤ ᠬᠣᠣᠷ ᠲᠠᠲᠠᠭᠰᠠᠨ ᠡᠴᠡ ᠳᠤᠲᠠᠭᠤ ᠦᠭᠡᠢ ᠬᠣᠣᠷ ᠬᠥᠨᠦᠭᠡᠯ ᠲᠠᠢ ᠭᠡᠵᠦ ᠪᠤᠢ ᠃ ᠬᠡᠦᠬᠡᠳ ᠪᠠᠭᠠᠴᠤᠳ ᠥᠪᠡᠷ ᠢ ᠪᠠᠨ ᠰᠠᠢᠨ ᠬᠢᠵᠠᠭᠠᠷᠯᠠᠵᠤ ᠲᠣᠣᠷ ᠰᠦᠯᠵᠢᠶᠠᠨ ᠡᠴᠡ ᠵᠠᠢᠳᠠᠬᠤ ᠴᠢᠬᠤᠯᠠ ᠲᠠᠢ ᠃

          ᠬᠡᠦᠬᠡᠳ ᠣᠯᠠᠩᠬᠢ ᠴᠠᠭ ᠢᠶᠠᠨ ᠰᠦᠯᠵᠢᠶᠡᠨ ᠳᠤ ᠦᠷᠡᠬᠦ ᠪᠣᠯᠤᠭᠰᠠᠨ ᠡᠴᠡ ᠬᠡᠦᠬᠡᠳ ᠤᠨ ᠨᠣᠮ ᠤᠩᠰᠢᠬᠤ ᠨᠢ ᠲᠤᠩ ᠴᠦᠬᠡᠭᠡᠷᠡᠵᠤ ᠂ ᠴᠢᠨᠠᠭᠰᠢᠯᠠᠨ ᠨᠣᠮ ᠤᠩᠰᠢᠬᠤ ᠦᠭᠡᠢ ᠪᠣᠯᠪᠠ ᠃ ᠪᠠᠰᠠ ᠠᠢᠯ ᠪᠦᠷᠢ ᠭᠠᠭᠴᠠ ᠪᠤᠶᠤ ᠬᠣᠶᠠᠷᠬᠠᠨ ᠬᠡᠦᠬᠡᠳ ᠪᠣᠯᠤᠭᠰᠠᠨ ᠡᠴᠡ ᠨᠡᠢᠯᠡᠵᠦ ᠨᠠᠭᠠᠳᠬᠤ ᠨᠢ ᠪᠠᠭ᠎ᠠ ᠂ ᠬᠠᠷᠢᠯᠴᠠᠨ ᠪᠦᠯᠬᠦᠮᠳᠡᠬᠦ ᠂ ᠬᠠᠷᠢᠯᠴᠠᠨ ᠬᠠᠪᠰᠤᠷᠤᠯᠴᠠᠬᠤ ᠤᠬᠠᠮᠰᠠᠷ ᠬᠣᠮᠰᠠ ᠪᠣᠯᠤᠭᠰᠠᠨ ᠂ ᠬᠡᠦᠬᠡᠳ ᠤᠳ ᠠᠮᠢ ᠬᠤᠪᠢᠨᠴᠢᠷ ᠪᠣᠯᠵᠤ ᠂ ᠨᠡᠢᠲᠡᠴᠢ ᠦᠵᠡᠯ ᠢ ᠬᠥᠮᠦᠵᠢᠭᠦᠯᠬᠦ ᠳᠤ ᠠᠰᠢᠭ ᠦᠭᠡᠢ ᠪᠣᠯᠪᠠ ᠭᠡᠵᠦ ᠬᠡᠦᠬᠡᠳ ᠤᠨ ᠲᠣᠭᠯᠠᠭᠠᠮ ᠤᠨ ᠬᠥᠭᠵᠢᠯᠲᠡ ᠬᠤᠪᠢᠷᠠᠯᠲᠠ ᠶᠢᠨ ᠬᠡᠦᠬᠡᠳ ᠤᠨ ᠦᠰᠦᠨ ᠪᠣᠢᠵᠢᠯᠲᠠ ᠳᠡᠬᠢ ᠰᠠᠢᠨ ᠲᠠᠢ ᠲᠠᠯ᠎ᠠ ᠪᠠ ᠠᠰᠢᠭ ᠦᠭᠡᠢ ᠲᠠᠯ᠎ᠠ ᠶᠢ ᠵᠠᠳᠠᠯᠤᠨ ᠶᠠᠷᠢᠯ᠎ᠠ ᠃

          ᠴᠠᠭ ᠦᠶ᠎ᠡ ᠶᠢᠨ ᠬᠥᠭᠵᠢᠯᠲᠡ ᠂ ᠪᠠᠢᠭᠠᠯᠢ ᠣᠷᠴᠢᠨ ᠤ ᠬᠤᠪᠢᠷᠠᠯᠲᠠ ᠡᠴᠡ ᠨᠠᠭᠠᠳᠤᠮ ᠲᠣᠭᠯᠠᠭᠠᠮ ᠤᠨ ᠵᠦᠢᠯ ᠬᠤᠪᠢᠷᠠᠳᠠᠭ

          ᠬᠦᠷᠵᠠᠪ ᠪᠠᠭᠰᠢ ᠪᠣᠯ ᠭᠤᠴᠢ ᠭᠠᠷᠤᠢ ᠵᠢᠯ ᠤᠨ ᠲᠤᠷᠰᠢ ᠬᠡᠦᠬᠡᠳ ᠢ ᠬᠥᠮᠦᠵᠢᠭᠦᠯᠬᠦ ᠠᠵᠢᠯ ᠢ ᠭᠠᠷᠳᠠᠨ ᠬᠢᠬᠡ ᠰᠤᠷᠭᠠᠨ ᠬᠥᠮᠦᠵᠢᠭᠦᠯᠦᠭᠴᠢ ᠶᠤᠮ ᠃ ᠬᠦᠷᠵᠠᠪ ᠪᠠᠭᠰᠢ ᠡᠴᠡ ᠳᠡᠭᠡᠷ᠎ᠡ ᠬᠡᠦᠬᠡᠳ ᠦᠶ᠎ᠡ ᠳᠡᠬᠢ ᠨᠠᠭᠠᠳᠤᠮ ᠲᠣᠭᠯᠠᠭᠠᠮ ᠢᠶᠠᠨ ᠲᠠᠨᠢᠯᠴᠠᠭᠤᠯᠵᠤ ᠂ ᠠᠳᠠᠯᠢ ᠪᠤᠰᠤ ᠴᠠᠭ ᠦᠶ᠎ᠡ ᠶᠢᠨ ᠬᠥᠮᠦᠰ ᠤᠨ ᠲᠣᠭᠯᠠᠭᠠᠮ ᠤᠨ ᠵᠦᠢᠯ ᠤᠨ ᠬᠤᠪᠢᠷᠠᠯᠲᠠ ᠶᠢ ᠵᠠᠳᠠᠯᠵᠤ ᠥᠭᠭᠦᠭᠰᠡᠨ ᠮᠥᠷᠲᠡᠭᠡᠨ ᠬᠡᠦᠬᠡᠳ ᠤᠨ ᠨᠠᠭᠠᠳᠤᠮ ᠲᠣᠭᠯᠠᠭᠠᠮ ᠤ ᠲᠤᠬᠠᠢ ᠥᠪᠡᠷ ᠤᠨ ᠢᠶᠠᠨ ᠦᠵᠡᠯᠲᠡ ᠲᠠᠢ ᠪᠠᠢᠯ᠎ᠠ ᠃ ᠲᠣᠭᠯᠠᠭᠠᠮ ᠨᠢ ᠬᠡᠦᠬᠡᠳ ᠤᠨ ᠦᠰᠦᠨ ᠪᠣᠢᠵᠢᠯᠲᠠ ᠳᠤ ᠳᠤᠲᠠᠭᠳᠠᠰᠢ ᠪᠣᠯᠤᠰᠢ ᠦᠭᠡᠢ ᠬᠦᠴᠦᠨ ᠪᠣᠯᠵᠤ ᠪᠠᠢᠳᠠᠭ ᠃ ᠨᠠᠰᠤᠨ ᠤ ᠣᠨᠴᠠᠯᠢᠭ ᠲᠤ ᠲᠣᠬᠢᠷᠠᠭᠰᠠᠨ ᠬᠡᠦᠬᠡᠳ ᠤᠨ ᠲᠣᠭᠯᠠᠭᠠᠮ ᠨᠢ ᠬᠡᠦᠬᠡᠳ ᠤᠨ ᠢᠳᠡᠪᠬᠢᠵᠢᠯ ᠢ ᠪᠠᠳᠠᠷᠠᠭᠤᠯᠳᠠᠭ ᠃ ᠬᠡᠦᠬᠡᠳ ᠤᠨ ᠲᠣᠭᠯᠠᠭᠠᠮ ᠨᠢ ᠬᠡᠦᠬᠡᠳ ᠤᠨᠦᠪᠡᠷ ᠢ ᠪᠠᠨ ᠢᠯᠡᠷᠡᠭᠦᠯᠬᠦ ᠮᠠᠰᠢ ᠰᠠᠢᠨ ᠠᠷᠭ᠎ᠠ ᠬᠡᠯᠪᠡᠷᠢ ᠮᠥᠨ ᠂ ᠲᠣᠭᠯᠠᠭᠠᠮ ᠨᠢ ᠬᠡᠦᠬᠡᠳ ᠤᠨ ᠠᠮᠢᠳᠤᠷᠠᠯ ᠤᠨ ᠣᠷᠴᠢᠨ ᠲᠣᠭᠤᠷᠢᠨ ᠤ ᠪᠣᠳᠠᠲᠤ ᠲᠤᠰᠭᠠᠯ ᠮᠥᠨ ᠂ ᠬᠡᠦᠬᠡᠳ ᠣᠷᠴᠢᠨ ᠲᠣᠭᠤᠷᠢᠨ ᠡᠴᠡ ᠪᠠᠨ ᠶᠠᠭᠤᠮ᠎ᠠ ᠰᠤᠷᠤᠨ ᠂ ᠪᠣᠳᠠᠲᠤ ᠪᠠᠢᠳᠠᠯ ᠢᠶᠠᠨ ᠳᠠᠭᠤᠷᠢᠶᠠᠨ ᠠᠵᠤ ᠠᠮᠢᠳᠤᠷᠠᠯ ᠤᠨ ᠠᠷᠭ᠎ᠠ ᠳᠠᠮ ᠢ ᠰᠤᠷᠴᠤ ᠪᠠᠢᠳᠠᠭ ᠃ ᠥᠩᠭᠡᠷᠡᠭᠰᠡᠨ ᠤ ᠬᠡᠦᠬᠡᠳ ᠤᠨ ᠲᠣᠭᠯᠠᠭᠠᠮ ᠨᠢ ᠬᠡᠦᠬᠡᠳ ᠤᠨ ᠪᠡᠶ᠎ᠡ ᠮᠠᠬᠠᠪᠤᠳ ᠤᠨ ᠦᠰᠦᠨ ᠪᠣᠢᠵᠢᠯᠲᠠ ᠳᠤ ᠲᠤᠰᠠᠲᠠᠢ ᠂ ᠰᠡᠳᠭᠢᠯ ᠰᠠᠨᠠᠭ᠎ᠠ ᠂ ᠵᠠᠩ ᠠᠭᠠᠰᠢ ᠶᠢᠨ ᠪᠦᠷᠢᠯᠳᠦᠬᠦ ᠳᠤ ᠢᠳᠡᠪᠬᠢ ᠦᠢᠯᠡᠳᠦᠯ ᠦᠵᠡᠬᠦᠯᠳᠡᠭ ᠃ ᠣᠳᠤ ᠶᠢᠨ ᠬᠡᠦᠬᠡᠳ ᠲᠤ ᠪᠠᠢᠭᠠᠯᠢᠯᠢᠭ ᠨᠠᠭᠠᠳᠤᠮ ᠲᠣᠭᠯᠠᠭᠠᠮ ᠦᠭᠡᠢ ᠪᠣᠯᠤᠭᠰᠠᠨ ᠡᠴᠡ ᠬᠡᠦᠬᠡᠳ ᠤᠨ ᠪᠡᠶ᠎ᠡ ᠮᠠᠬᠠᠪᠤᠳ ᠬᠡᠪᠡᠷᠡᠭ ᠪᠣᠯᠤᠭᠰᠠᠨ ᠂ ᠣᠶᠤᠨ ᠰᠡᠳᠭᠢᠴᠡ ᠂ ᠵᠠᠩ ᠠᠭᠠᠰᠢ ᠂ ᠦᠢᠯᠡ ᠬᠥᠳᠡᠯᠭᠡᠭᠡᠨ ᠳᠣᠷᠤᠢ ᠪᠠᠭᠤᠷᠠᠢ ᠂ ᠲᠡᠰᠪᠦᠷᠢ ᠴᠢᠨᠠᠷ ᠪᠠᠭᠤᠷᠠᠢ ᠪᠣᠯᠤᠭᠰᠠᠨ ᠪᠠᠢᠨ᠎ᠠ ᠃ ᠣᠳᠤ ᠶᠢᠨ ᠬᠡᠦᠬᠡᠳ ᠤᠨ ᠨᠠᠭᠠᠳᠬᠤ ᠣᠷᠴᠢᠨ ᠲᠣᠭᠤᠷᠢᠨ ᠨᠢ ᠵᠣᠬᠢᠶᠠᠮᠠᠯ ᠠᠯᠪᠠᠳᠠᠯᠭ᠎ᠠ ᠶᠢᠨ ᠴᠢᠨᠠᠷ ᠲᠠᠢ ᠪᠣᠯᠤᠭᠰᠠᠨ ᠡᠴᠡ ᠪᠡᠶ᠎ᠡ ᠮᠠᠬᠠᠪᠤᠳ ᠢᠶᠠᠨ ᠳᠠᠪᠲᠠᠨ ᠪᠣᠯᠪᠠᠰᠤᠷᠠᠭᠤᠯᠬᠤ ᠣᠷᠴᠢᠨ ᠲᠣᠭᠤᠷᠢᠨ ᠲᠤᠢᠯ ᠢᠶᠠᠷ ᠳᠤᠲᠠᠭᠳᠠᠵᠤ ᠪᠠᠢᠨ᠎ᠠ ᠃ ᠪᠡᠶ᠎ᠡ ᠮᠠᠬᠠᠪᠤᠳ ᠡᠷᠡᠭᠦᠯ ᠴᠢᠭᠢᠷᠠᠭ ᠂ ᠰᠡᠳᠭᠢᠯ ᠰᠠᠨᠠᠭ᠎ᠠ ᠲᠣᠭᠲᠠᠭᠤᠨ ᠦᠶᠡᠰ ᠬᠡᠦᠬᠡᠳ ᠰᠠᠶᠢ ᠨᠡᠩ ᠰᠠᠢᠨ ᠰᠤᠷᠤᠯᠴᠠᠵᠤ ᠴᠢᠳᠠᠳᠠᠭ ᠂ ᠡᠢᠮᠦ ᠡᠴᠡ ᠪᠠᠭᠰᠢ ᠪᠠ ᠭᠡᠷ ᠤᠨ ᠠᠬᠠᠮᠠᠳ ᠡᠴᠡ ᠬᠡᠦᠬᠡᠳ ᠤᠨ ᠨᠠᠭᠠᠳᠤᠨ ᠲᠣᠭᠯᠠᠬᠤ ᠶᠢ ᠣᠮᠲᠤᠭᠠᠢᠯᠠᠵᠤ ᠪᠣᠯᠬᠤ ᠦᠭᠡᠢ ᠂ ᠵᠣᠬᠢᠰᠲᠠᠢ ᠨᠠᠭᠠᠳᠤᠨ ᠲᠣᠭᠯᠠᠬᠤ ᠴᠠᠭ ᠪᠠ ᠣᠷᠤᠨ ᠵᠠᠢ ᠶᠢ ᠣᠯᠭᠤᠬᠤ ᠴᠢᠬᠤᠯᠠ ᠲᠠᠢ ᠃

         ᠰᠦᠯᠵᠢᠶᠡᠨ ᠲᠣᠭᠯᠠᠭᠠᠮ ᠂ ᠰᠦᠯᠵᠢᠶᠡᠨ ᠺᠠᠷᠲ ᠂ ᠡᠯᠧᠺᠲ᠋ᠷᠣᠨ ᠲᠣᠭᠯᠠᠭᠠᠮ ᠤᠨ ᠲᠤᠬᠠᠢ ᠪᠠᠭᠰᠢ ᠡᠴᠡ ᠲᠣᠣᠷ ᠰᠦᠯᠵᠢᠶ᠎ᠡ ᠶᠢ ᠵᠦᠢ ᠵᠣᠬᠢᠰᠲᠠᠢ ᠠᠰᠢᠭᠯᠠᠪᠠᠯ ᠬᠡᠦᠬᠡᠳ ᠤᠨ ᠣᠶᠤᠨ ᠲᠠᠷᠢᠬᠢ ᠶᠢ ᠨᠡᠭᠡᠭᠡᠭᠳᠡᠭᠦᠯᠬᠦ ᠂ ᠮᠡᠳᠡᠯᠭᠡ ᠴᠢᠳᠠᠪᠤᠷᠢ ᠶᠢ ᠨᠡᠮᠡᠭᠳᠡᠭᠦᠯᠬᠦ ᠂ ᠣᠳᠣᠬᠢᠴᠢᠯᠠᠭᠰᠠᠨ ᠰᠢᠨ᠎ᠡ ᠮᠡᠷᠭᠡᠵᠢᠯ ᠢ ᠬᠦᠯᠢᠶᠡᠨ ᠠᠪᠬᠤ ᠳᠤ ᠲᠦᠷᠭᠡᠨ ᠵᠡᠷᠭᠡ ᠠᠰᠢᠭ ᠲᠠᠢ ᠲᠠᠯ᠎ᠠ ᠪᠠᠢᠳᠠᠭ ᠃

         ᠭᠡᠪᠡᠴᠦ ᠣᠯᠠᠩᠬᠢ ᠬᠡᠦᠬᠡᠳ ᠰᠦᠯᠵᠢᠶᠡᠨ ᠳᠤ ᠭᠠᠷᠤᠮᠠᠭᠴᠠ ᠥᠪᠡᠷ ᠢ ᠪᠠᠨ ᠡᠵᠡᠮᠳᠡᠵᠦ ᠴᠢᠳᠠᠬᠤ ᠦᠭᠡᠢ ᠪᠣᠯᠵᠤ ᠂ ᠤᠷᠳᠤ ᠬᠤᠭᠤᠴᠠᠭ᠎ᠠ ᠪᠠᠷ ᠰᠦᠯᠵᠢᠶᠡᠨ ᠲᠣᠭᠯᠠᠭᠠᠮ ᠲᠣᠭᠯᠠᠬᠤ ᠨᠢ ᠬᠡᠦᠬᠡᠳ ᠤᠨ ᠪᠡᠶ᠎ᠡ ᠮᠠᠬᠠᠪᠤᠳ ᠢ ᠳᠣᠷᠤᠢᠲᠠᠭᠤᠯᠵᠤ ᠂ ᠴᠤᠭ ᠰᠦᠯᠳᠡ ᠶᠢ ᠪᠠᠭᠤᠷᠠᠭᠤᠯᠬᠤ ᠂ ᠰᠤᠷᠤᠯᠭ᠎ᠠ ᠳᠠᠭᠠᠨ ᠰᠢᠮᠳᠠᠬᠤ ᠦᠭᠡᠢ ᠪᠣᠯᠬᠤ ᠂ ᠰᠠᠢᠨ ᠰᠠᠢᠬᠠᠨ ᠵᠠᠩ ᠠᠭᠠᠰᠢ ᠶᠢᠨ ᠪᠦᠷᠢᠯᠳᠦᠬᠦ ᠳᠤ ᠠᠰᠢᠭ ᠦᠭᠡᠢ ᠪᠠᠢᠳᠠᠭ ᠭᠡᠪᠡ ᠃

        ᠤᠯᠠᠮᠵᠢᠯᠠᠯᠲᠤ ᠲᠣᠭᠯᠠᠭᠠᠮ ᠤᠨ ᠵᠦᠢᠯ ᠮᠠᠷᠲᠠᠭᠳᠠᠨ ᠬᠠᠶᠠᠭᠳᠠᠬᠤ ᠲᠤᠬᠠᠢ ᠪᠠᠭᠰᠢ ᠡᠴᠡ ᠴᠠᠭ ᠦᠶ᠎ᠡ ᠶᠢᠨ ᠬᠥᠭᠵᠢᠯᠲᠡ ᠂ ᠪᠠᠢᠭᠠᠯᠢ ᠣᠷᠴᠢᠨ ᠤ ᠬᠤᠪᠢᠷᠠᠯᠲᠠ ᠡᠴᠡ ᠪᠣᠯᠤᠭᠰᠠᠨ ᠂ ᠶᠡᠬᠡ ᠬᠡᠪᠴᠢᠶ᠎ᠡ ᠪᠠᠷ ᠬᠤᠳᠠᠴᠢᠯᠠᠭᠰᠠᠨ ᠨᠢ ᠬᠡᠦᠬᠡᠳ ᠤᠨ ᠨᠠᠭᠠᠳᠴᠤ ᠲᠣᠭᠯᠠᠬᠤ ᠣᠷᠴᠢᠨ ᠪᠠᠢᠬᠤ ᠦᠭᠡᠢ ᠪᠣᠯᠤᠭᠰᠠᠨ ᠡᠴᠡ ᠪᠣᠯᠤᠯ᠎ᠠ ᠂ ᠬᠤᠳᠠ ᠶᠢᠨ ᠣᠷᠴᠢᠨ ᠲᠣᠭᠤᠷᠢᠨ ᠨᠢ ᠬᠡᠦᠬᠡᠳ ᠤᠨ ᠲᠡᠳᠡᠭᠡᠷ ᠤᠯᠠᠮᠵᠢᠯᠠᠯᠲᠤ ᠨᠠᠭᠠᠳᠤᠮ ᠲᠣᠭᠯᠠᠭᠠᠮ ᠢ ᠨᠠᠭᠠᠳᠤᠨ ᠲᠣᠭᠯᠠᠬᠤ ᠳᠤ ᠲᠣᠬᠢᠷᠠᠬᠤ ᠦᠭᠡᠢ ᠪᠣᠯᠤᠭᠰᠠᠨ ᠪᠠᠢᠨ᠎ᠠ ᠃ ᠭᠡᠪᠡᠴᠦ ᠪᠢᠳᠡ ᠥᠩᠭᠡᠷᠡᠭᠰᠡᠨ ᠤ ᠨᠠᠭᠠᠳᠤᠮ ᠲᠣᠭᠯᠠᠭᠠᠮ ᠤᠨ ᠳᠤᠮᠳᠠ ᠡᠴᠡ ᠬᠡᠦᠬᠡᠳ ᠤᠨ ᠪᠡᠶ᠎ᠡ ᠰᠡᠳᠭᠢᠴᠡ ᠶᠢᠨ ᠦᠰᠦᠨ ᠪᠣᠢᠵᠢᠬᠤ ᠳᠤ ᠠᠰᠢᠭᠲᠠᠢ ᠵᠦᠢᠯ ᠢ ᠨᠢ ᠪᠣᠯᠬᠤ ᠶᠢᠨ ᠳᠣᠲᠤᠷ᠎ᠠ ᠬᠡᠦᠬᠡᠳ ᠲᠤ ᠪᠠᠨ ᠤᠯᠠᠮᠵᠢᠯᠠᠪᠠᠯ ᠵᠣᠬᠢᠨ᠎ᠠ ᠭᠡᠵᠦ ᠵᠠᠳᠠᠯᠤᠨ ᠶᠠᠷᠢᠯ᠎ᠠ ᠃

        ᠬᠣᠢᠨᠠᠬᠢ ᠦᠭᠡ ᠂ ᠴᠠᠭ ᠦᠶ᠎ᠡ ᠶᠢᠨ ᠬᠥᠭᠵᠢᠯᠲᠡ ᠬᠤᠪᠢᠷᠠᠯᠲᠠ ᠶᠢ ᠳᠠᠭᠠᠯᠳᠤᠨ ᠰᠢᠨ᠎ᠡ ᠴᠠᠭ ᠦᠶ᠎ᠡ ᠶᠢᠨ ᠴᠠᠬᠢᠯᠭᠠᠨᠵᠢᠭᠰᠠᠨ ᠂ ᠮᠠᠰᠢᠨᠴᠢᠯᠠᠭᠰᠠᠨ ᠲᠣᠭᠯᠠᠭᠠᠮ ᠢᠶᠠᠷ ᠤᠯᠠᠮᠵᠢᠯᠠᠯᠲᠤ ᠲᠣᠭᠯᠠᠭᠠᠮ ᠢ ᠣᠷᠤᠯᠠᠬᠤ ᠪᠣᠯᠤᠭᠰᠠᠨ ᠡᠨᠡᠬᠡᠨ ᠡᠷᠢᠨ ᠳᠤ ᠪᠢᠳᠡ ᠬᠡᠦᠬᠡᠳ ᠲᠡᠭᠡᠨ ᠨᠠᠭᠠᠳᠤᠨ ᠲᠣᠭᠯᠠᠬᠤ ᠵᠣᠬᠢᠬᠤ ᠴᠠᠭ ᠣᠷᠤᠨ ᠵᠠᠢ ᠶᠢ ᠦᠯᠡᠳᠡᠭᠡᠨ ᠂ ᠬᠡᠦᠬᠡᠳ ᠤᠨ ᠢᠶᠠᠨ ᠪᠡᠶ᠎ᠡ ᠰᠡᠳᠭᠢᠯ ᠤᠨ ᠡᠷᠡᠭᠦᠯ ᠢᠶᠠᠷ ᠦᠰᠦᠨ ᠪᠣᠢᠵᠢᠬᠤ ᠳᠤ ᠰᠠᠢᠨ ᠰᠠᠢᠬᠠᠨ ᠣᠷᠴᠢᠨ ᠲᠣᠭᠤᠷᠢᠨ ᠢ ᠪᠤᠢ ᠪᠣᠯᠭᠠᠵᠤ ᠦᠭᠬᠦᠶ᠎ᠡ ᠃
          ᠦᠪᠦᠷ ᠮᠤᠩᠭᠤᠯ ᠤᠨ ᠵᠠᠯᠠᠭᠤᠴᠤᠳ ᠪᠠᠭᠠᠴᠤᠳ ᠤᠨ ᠰᠡᠳᠬᠦᠯ ᠦᠨ ᠬᠣᠷᠢᠶ᠎ᠠ  ᠰᠦᠯᠵᠢᠶ᠎ᠡ ᠡᠴᠡ ᠰᠤᠩᠭᠤᠪᠠ 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )