ᠪᠠᠭᠰᠢ ᠰᠤᠷᠤᠭᠴᠢ ᠶᠢᠨ ᠪᠦᠲᠦᠭᠡᠯ
ᠤᠩᠨᠢᠭᠤᠳ ᠤᠨ ᠤᠷᠤᠨ ᠨᠤᠳᠤᠭ ᠤᠨ ᠬᠢᠴᠢᠶᠡᠯ ᠤᠨ ᠰᠢᠯᠭᠠᠯᠳᠠ
2016.07.02 ᠲᠣᠰ ᠥᠷᠲᠡᠭᠡᠨ ᠦ ᠨᠠᠢᠷᠠᠭᠤᠯᠤᠭᠴᠢ

    ᠣᠩᠨᠢᠭᠤᠳ ᠬᠣᠰᠢᠭᠤᠨ ᠤ ᠬᠠᠢᠯᠠᠰᠤ ᠳᠠᠬᠢ ᠮᠣᠩᠭᠤᠯ ᠦᠨᠳᠦᠰᠦᠲᠡᠨ ᠤ ᠳᠤᠮᠳᠠᠳᠤ

    ᠰᠤᠷᠭᠠᠭᠤᠯᠢ ᠶᠢᠨ 2016 ᠣᠨ ᠤ ᠣᠷᠤᠨ ᠨᠤᠲᠤᠭ ᠤᠨ ᠰᠤᠷᠭᠠᠭᠤᠯᠢ ᠶᠢᠨ ᠬᠢᠴᠢᠶᠡᠯ

     ᠢᠶᠡᠷ ᠭᠣᠣᠯᠯᠠᠭᠰᠠᠨ ᠮᠡᠳᠡᠯᠭᠡ ᠶᠢᠨ ᠤᠷᠤᠯᠳᠤᠭᠠᠨ ᠤ ᠰᠢᠯᠭᠠᠯᠲᠠ ᠪᠤᠯᠤᠨ ᠬᠠᠷᠢᠭᠤᠯᠲᠠ

    (100 ᠬᠤᠪᠢ )

                    ᠨ᠊ ᠂ ᠰᠡᠷᠭᠦᠯᠡᠩ

    1. ᠣᠳᠤ ᠶᠢᠨ ᠣᠩᠨᠢᠭᠤᠳ ᠬᠣᠰᠢᠭᠤᠨ ᠤ ᠨᠤᠲᠤᠭ ᠳᠡᠪᠢᠰᠭᠡᠷ ᠤᠨ ᠪᠦᠬᠦ ᠲᠠᠯᠠᠪᠠᠢ ᠨᠢ ᠄ A. 1882 ᠬᠠᠪᠲᠠᠭᠠᠢ ᠳᠥᠷᠪᠡᠯᠵᠢᠨKM ᠃ B. 1188 ᠬᠠᠪᠲᠠᠭᠠᠢ ᠳᠥᠷᠪᠡᠯᠵᠢᠨKM ᠃ C. 11882 ᠬᠠᠪᠲᠠᠭᠠᠢ ᠳᠥᠷᠪᠡᠯᠵᠢᠨKM ᠃

    2. ᠣᠩᠨᠢᠭᠤᠳ ᠬᠣᠰᠢᠭᠤᠨ ᠤ ᠪᠦᠬᠦ ᠬᠥᠮᠦᠨ ᠠᠮᠠ ᠨᠢ 2004 ᠣᠨ ᠳᠤ 468777 ᠬᠥᠮᠦᠨ ᠲᠠᠢ ᠪᠠᠢᠵᠤ ᠂ ᠮᠣᠩᠭᠤᠯ ᠦᠨᠳᠦᠰᠦᠲᠡᠨ ᠤ ᠡᠵᠡᠯᠡᠬᠦ ᠬᠠᠷᠢᠴᠠᠯ ᠨᠢ ᠪᠦᠬᠦ ᠬᠣᠰᠢᠭᠤᠨ ᠤ ᠬᠥᠮᠦᠨ ᠠᠮᠠ ᠶᠢᠨ ᠢᠶᠡᠨ ᠵᠠᠭᠤᠨ ᠤ ᠄ A . 14 ᠶᠢ ᠡᠵᠡᠯᠡᠨ᠎ᠡ ᠃ B . 25 ᠶᠢ ᠡᠵᠡᠯᠡᠨ᠎ᠡ ᠃ C . 50 ᠶᠢ ᠡᠵᠡᠯᠡᠨ᠎ᠡ ᠃

    3. ᠮᠣᠩᠭᠤᠯᠴᠤᠳ ᠰᠢᠨ᠎ᠡ ᠮᠢᠬ᠎ᠠ ᠭᠠᠷᠭᠠᠪᠠᠯ ᠬᠡᠦᠬᠡᠳ ᠲᠦ ᠪᠡᠨ ᠢᠳᠡᠭᠦᠯᠳᠡᠭ ᠦᠭᠡᠢ ᠨᠢ ᠄ A. ᠪᠣᠭᠤᠨᠢ ᠬᠠᠪᠢᠷᠭ᠎ᠠ ᠃ B . ᠪᠥᠭᠡᠷ᠎ᠡ ᠃ C. ᠭᠡᠳᠡᠰᠦ ᠳᠣᠲᠤᠷ ᠃

    4. ᠣᠩᠨᠢᠭᠤᠳ ᠮᠣᠩᠭᠤᠯᠴᠤᠳ ᠤᠨ ᠬᠤᠷᠢᠮ ᠤᠨ ᠶᠣᠰᠤᠨ ᠳᠤ ᠱᠠᠭᠠᠨᠲᠤ ᠳᠤ ᠶᠠᠪᠤᠵᠤ ᠪᠣᠯᠬᠤ ᠬᠥᠮᠦᠨ ᠤ ᠲᠣᠭ᠎ᠠ ᠶᠢᠨ ᠵᠦᠪ ᠪᠣᠯᠬᠤ ᠨᠢ ᠄ A. 4 ᠃ B. 5 ᠃ C. 6 ᠃

    5. ᠳᠣᠣᠷᠠᠬᠢ ᠵᠦᠢᠯᠡᠰ ᠤᠨ ᠲᠠᠰᠢᠶ᠎ᠠ ᠪᠣᠯᠬᠤ ᠨᠢ ᠄ A. ᠲᠠᠯᠠᠢᠭᠴᠢ ᠳᠤ ᠮᠠᠯᠠᠭᠠᠢ ᠦᠭᠡᠢ ᠮᠦᠷᠬᠦᠨ᠎ᠡ ᠃ B. ᠠᠬᠠᠮᠠᠳ ᠨᠠᠰᠤᠲᠠᠨ ᠳᠤ ᠮᠠᠯᠠᠭᠠᠢ ᠲᠠᠢ ᠮᠦᠷᠬᠦᠨ᠎ᠡ ᠃ C. ᠨᠠᠰᠤ ᠪᠠᠷᠠᠭᠰᠠᠨ ᠬᠥᠮᠦᠨ ᠳᠤ ᠲᠠᠬᠢᠯ ᠲᠠᠯᠪᠢᠬᠤ ᠳᠤ ᠪᠡᠨ ᠯᠣᠩᠬᠤ ᠲᠠᠢ ᠠᠷᠢᠬᠢᠨ ᠤ ᠠᠮᠠᠰᠠᠷ ᠢ ᠵᠠᠪᠠᠯ ᠨᠡᠭᠡᠭᠡᠵᠦ ᠲᠠᠯᠪᠢᠳᠠᠭ ᠃

    6. ᠮᠣᠩᠭᠤᠯ ᠦᠨᠳᠦᠰᠦᠲᠡᠨ ᠤ ᠨᠠᠰᠤᠲᠠᠨ ᠢᠶᠡᠨ ᠬᠦᠨᠳᠦᠳᠭᠡᠬᠦ ᠵᠠᠩᠰᠢᠯ ᠤᠨ ᠵᠦᠪ ᠨᠢ ᠄ A. ᠠᠬᠠᠮᠠᠳ ᠨᠠᠰᠤᠲᠠᠨ ᠢᠶᠡᠨ ᠠᠮᠢᠳᠤ ᠪᠠᠢᠬᠤ ᠳᠤ ᠨᠢ ᠢᠯᠠᠬᠦᠭᠡᠨ ᠠᠴᠢᠯᠠᠵᠤ ᠢᠳᠡᠬᠦ ᠡᠮᠦᠰᠬᠦ ᠬᠡᠷᠡᠭᠰᠡᠬᠦ ᠶᠢ ᠨᠢ ᠭᠦᠢᠴᠡᠳ ᠬᠠᠩᠭᠠᠨ᠎ᠠ ᠃ B. ᠠᠬᠠᠮᠠᠳ ᠨᠠᠰᠤᠲᠠᠨ ᠢᠶᠡᠨ ᠨᠠᠰᠤ ᠪᠠᠷᠠᠭᠰᠠᠨ ᠤ ᠳᠠᠷᠠᠭ᠎ᠠ ᠢᠳᠡᠬᠦ ᠡᠮᠦᠰᠬᠦ ᠬᠡᠷᠡᠭᠰᠡᠬᠦ ᠵᠦᠢᠯᠡᠰ ᠢ ᠳᠤᠶᠤᠩ ᠪᠣᠯᠭᠠᠵᠤ ᠢᠯᠡᠭᠦᠬᠡᠨ ᠰᠢᠳᠠᠭᠠᠵᠦ ᠥᠭᠭᠦᠨ᠎ᠡ ᠃ C. ᠠᠬᠠᠮᠠᠳ ᠨᠠᠰᠤᠲᠠᠨ ᠪᠣᠯᠤᠭᠰᠠᠳ ᠨᠢ ᠲᠣᠮᠤ ᠬᠥᠮᠦᠨ ᠳᠤᠯᠨ ᠬᠠᠮᠢᠶᠠᠷᠤᠭᠰᠠᠨ ᠤ ᠬᠡᠷᠡᠭ ᠦᠭᠡᠢ ︕

    7. ᠠᠷᠢᠬᠢ ᠶᠢ ᠢᠳᠠᠮ ᠬᠤᠷᠤᠭᠤ ᠪᠠᠷ ᠭᠤᠷᠪᠠ ᠰᠡᠷᠵᠢᠮᠯᠡᠬᠦ ᠶᠢᠨ ᠲᠡᠰ ᠳᠠᠷᠠᠭᠠᠯᠠᠯ ᠨᠢ ᠄ A. ᠳᠡᠭᠡᠭᠰᠢ ( ᠲᠡᠭᠷᠢ ) ᠃ ᠳᠣᠷᠤᠭᠰᠢ ( ᠭᠠᠵᠠᠷ ) ᠃ ᠮᠠᠩᠨᠠᠢ ( ᠬᠥᠮᠦᠨ ᠲᠥᠷᠦᠯᠬᠢᠲᠡᠨ )᠃ B. ᠳᠣᠷᠤᠭᠰᠢ ( ᠭᠠᠵᠠᠷ )᠃ ᠮᠠᠩᠨᠠᠢ ( ᠬᠥᠮᠦᠨ ᠲᠥᠷᠦᠯᠬᠢᠲᠡᠨ ) ᠃ ᠳᠡᠭᠡᠭᠰᠢ ( ᠲᠡᠭᠷᠢ ) ᠃ C . ᠮᠠᠩᠨᠠᠢ ( ᠬᠥᠮᠦᠨ ᠲᠥᠷᠦᠯᠬᠢᠲᠡᠨ ) ᠃ ᠳᠡᠭᠡᠭᠰᠢ ( ᠲᠡᠭᠷᠢ ) ᠃ ᠳᠣᠷᠤᠭᠰᠢ (ᠭᠠᠵᠠᠷ ) ᠃

    8. ᠣᠩᠨᠢᠭᠤᠳ ᠬᠣᠰᠢᠭᠤᠨ ᠳᠤ ᠬᠠᠮᠤᠭ ᠠᠩᠬ᠎ᠠ ᠪᠠᠢᠭᠤᠯᠤᠭᠳᠠᠭᠰᠠᠨ ᠰᠦᠮ᠎ᠡ ᠪᠣᠯᠬᠤ ᠮᠥᠷᠲᠡᠭᠡᠨ ᠪᠦᠬᠦ ᠬᠣᠰᠢᠭᠤᠨ ᠤ ᠪᠤᠰᠤᠳ ᠰᠦᠮ᠎ᠡ ᠶᠢ ᠶᠡᠷᠦᠩᠬᠡᠢᠯᠡᠨ ᠬᠠᠮᠢᠶᠠᠷᠴᠤ ᠪᠠᠢᠭᠰᠠᠨ ᠬᠠᠮᠤᠭ ᠠᠩᠬᠠᠨ ᠤ ᠰᠦᠮ᠎ᠡ ᠪᠣᠯᠬᠤ ᠨᠢ ᠄ A. ᠱᠠᠰᠢᠨ ᠦᠨᠳᠦᠰᠦᠨ ᠰᠦᠮ᠎ᠡ ᠃ B. ᠯᠢᠩᠬᠤᠸᠠᠲᠤ ᠰᠦᠮ᠎ᠡ ᠃ C. ᠰᠢᠨ᠎ᠡ ᠰᠦᠮ᠎ᠡ ᠃

    9. ᠣᠩᠨᠢᠭᠤᠳ ᠬᠣᠰᠢᠭᠤᠨ ᠤ ᠵᠠᠰᠠᠭ ᠤᠨ ᠣᠷᠳᠤᠨ ᠤ ᠰᠠᠭᠤᠭ᠎ᠠ ᠪᠤᠷᠤᠬᠤᠳᠠ ᠶᠢᠨ ᠡᠮᠦᠨᠡᠭᠦᠷ ᠤᠷᠤᠰᠴᠤ ᠪᠠᠢᠭ᠎ᠠ ᠭᠣᠣᠯ ᠤᠨ ᠵᠦᠪ ᠬᠡᠯᠡᠯᠭᠡ ᠨᠢ ᠄ A. ᠰᠢᠷ᠎ᠠ ᠮᠥᠷᠡᠨ ᠤ ᠳᠡᠭᠡᠳᠦ ᠤᠷᠤᠰᠭᠠᠯ ᠤᠨ ᠨᠢᠭᠡ ᠰᠠᠯᠠᠭ᠎ᠠ ᠃ B. ᠴᠦᠨᠳᠤᠪ ᠤᠨ ᠭᠣᠣᠯ ᠤᠨ ᠳᠡᠭᠡᠳᠦ ᠤᠷᠤᠰᠭᠠᠯ ᠤᠨ ᠱᠣᠷᠤᠩ ᠤᠨ ᠭᠣᠣᠯ (少郎河) ᠃ C ᠃ ᠯᠤᠤᠬ᠎ᠠ ᠶᠢᠨ ᠭᠣᠣᠯ ᠤᠨ ᠳᠡᠭᠡᠳᠦ ᠤᠷᠤᠰᠭᠠᠯ ᠤᠨ ᠱᠣᠷᠤᠩ ᠤᠨ ᠭᠣᠣᠯ (少郎河) ᠃

    10. ᠣᠩᠨᠢᠭᠤᠳ ᠬᠣᠰᠢᠭᠤᠨ ᠤ ᠬᠠᠢᠯᠠᠰᠤ ᠳᠠᠬᠢ ᠳᠤᠮᠳᠠᠳᠤ ᠰᠤᠷᠭᠠᠭᠤᠯᠢ ᠶᠢᠨ ᠡᠮᠦᠨ᠎ᠡ ᠰᠢᠭᠤᠳ ᠬᠠᠷᠠᠭᠳᠠᠳᠠᠭ ᠲᠠᠯ᠎ᠠ ᠶᠢᠨ ᠨᠡᠷᠡᠢᠳᠦᠯ ᠪᠣᠯᠬᠤ ᠨᠢ ᠄ A. ᠤᠳᠠᠨ ᠲᠠᠯ᠎ᠠ ᠃ B. ᠪᠦᠷᠢᠳᠤᠨ ᠲᠠᠯ᠎ᠠ ᠃ C. ᠰᠢᠷ᠎ᠠ ᠲᠠᠯ᠎ᠠ ᠃

    11. ᠦᠬᠡᠷ ᠲᠡᠷᠭᠡᠨ ᠤ ᠬᠠᠮ ᠭᠡᠳᠡᠭ ᠨᠢ ᠄ A. ᠦᠬᠡᠷ ᠲᠡᠷᠭᠡᠨ ᠤ ᠳᠡᠭᠡᠷ᠎ᠡ ᠲᠣᠬᠢᠷᠠᠭᠤᠯᠤᠭᠰᠠᠨ ᠨᠡᠷᠡᠨ ᠳᠤ ᠰᠢᠷᠠᠭᠳᠠᠬᠤ ᠪᠤᠶᠤ ᠪᠣᠷᠤᠭᠠᠨ ᠳᠤ ᠨᠣᠷᠤᠭᠳᠠᠬᠤ ᠡᠴᠡ ᠰᠡᠷᠭᠡᠢᠯᠡᠬᠦ ᠳᠤ ᠪᠡᠯᠡᠳᠭᠡᠭᠰᠡᠨ ᠬᠠᠯᠬᠠᠪᠴᠢ ᠪᠣᠯᠬᠤ ᠬᠡᠷᠡᠭᠰᠡᠯ ᠢ ᠬᠡᠯᠡᠳᠡᠭ ᠃ B. ᠦᠬᠡᠷ ᠲᠡᠷᠭᠡᠨ ᠤ ᠪᠤᠯᠤ ᠳᠡᠭᠡᠷᠡᠬᠢ ᠭᠡᠭᠡᠰᠤ ᠰᠠᠭᠤᠯᠭᠠᠬᠤ ᠨᠦᠬᠡ ᠶᠢ ᠬᠡᠯᠡᠳᠡᠭ ᠃ C. ᠲᠡᠷᠭᠡᠨ ᠮᠥᠭᠡᠷ ᠤᠨ ᠨᠢᠭᠡ ᠦᠵᠦᠭᠦᠷ ᠤᠨ ᠬᠢᠨ ᠬᠣᠲᠤᠭᠤᠷ ᠬᠡᠰᠡᠭ ᠢ ᠬᠡᠯᠡᠳᠡᠭ ᠃

    12. ᠮᠣᠩᠭᠤᠯ ᠭᠡᠷ ᠤᠨ ᠲᠣᠭᠤᠨᠤ ᠶᠢ ᠪᠦᠷᠢᠬᠦ ᠳᠥᠷᠪᠡᠯᠵᠢᠨ ᠢᠰᠡᠭᠡᠢ ᠵᠡᠷᠭᠡ ᠶᠢᠨ ᠬᠡᠷᠡᠭᠰᠡᠯ ᠢ ᠨᠡᠷᠡᠯᠡᠳᠡᠭ ᠨᠢ ᠄ A. ᠳᠤᠳᠤᠭᠤ ᠃ B. ᠡᠷᠦᠬᠡ ᠃ C. ᠬᠦᠯᠳᠡᠷᠭᠡ ᠃

    13. ᠮᠣᠩᠭᠤᠯᠴᠤᠳ ᠠᠬ᠎ᠠ ᠪᠤᠶᠤ ᠳᠡᠭᠦᠦ ᠶᠢᠨ ᠢᠶᠡᠨ ᠬᠡᠦᠬᠡᠳ ᠢ ᠳᠠᠭᠤᠳᠠᠬᠤ ᠳᠤ ᠬᠡᠷᠡᠭᠯᠡᠬᠦ ᠨᠢ ᠄ A. ᠦᠶᠡᠯᠢᠳ ᠃ B. ᠵᠢᠭᠡ ᠃ C. ᠠᠴᠢ ᠃

    14. 1859 ᠤ ᠳ᠋ᠠᠬᠦ ᠭᠠᠷᠠᠮ ᠤᠨ ᠬᠠᠮᠠᠭᠠᠯᠠᠯᠲᠠ ᠶᠢᠨ ᠲᠠᠢᠨ ᠳᠤ ᠣᠷᠤᠯᠴᠠᠭᠰᠠᠨ ᠬᠥᠮᠦᠨ ᠪᠣᠯᠬᠤ ᠨᠢ ᠄ A. ᠰᠡᠷᠡᠩᠵᠠᠮᠪᠠᠯ ᠃ B. ᠢᠨᠵᠠᠨᠨᠠᠰᠢ ᠃ .C. ᠰᠡᠩᠭᠡᠷᠢᠨᠴᠢᠨ ᠃

    15. ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠭᠠᠵᠠᠷ ᠪᠠ ᠴᠠᠭ ᠤᠨ ᠵᠣᠬᠢᠴᠠᠯᠳᠤᠬᠤ ᠨᠢ ᠄ A. ᠬᠥᠬᠡᠬᠣᠲᠠ.1949.10.1 ᠃ B. ᠬᠢᠩᠭᠠᠨ ᠠᠢᠮᠠᠭ.1947.5.1 ᠃ C. ᠤᠯᠠᠭᠠᠨᠬᠠᠳᠠ ᠬᠤᠳᠠ ᠂ 1945.8.15 ᠃

    16. ᠮᠣᠩᠭᠤᠯ ᠤᠨ ᠲᠡᠦᠬᠡᠨ ᠳᠤ ᠳᠡᠯᠡᠬᠡᠢ ᠶᠢᠨ ᠡᠯ᠎ᠡ ᠦᠨᠳᠦᠰᠦᠲᠡᠨ ᠳᠤ ᠲᠣᠬᠢᠷᠠᠭᠰᠠᠨ ᠦᠰᠦᠭ ᠪᠢᠴᠢᠭ᠌ ᠪᠣᠯᠭᠠᠬᠤ ᠪᠠᠷ ᠣᠷᠤᠯᠳᠤᠭᠰᠠᠨ ᠨᠢ ᠄ A.ᠲᠣᠳᠤ ᠮᠣᠩᠭᠤᠯ ᠦᠰᠦᠭ ᠃ B.ᠤᠢᠭᠤᠷᠵᠢᠨ ᠮᠣᠩᠭᠤᠯ ᠦᠰᠦᠭ ᠃ C ᠳᠥᠷᠪᠡᠯᠵᠢᠨ ᠮᠣᠩᠭᠤᠯ ᠦᠰᠦᠭ

    17. ᠣᠩᠨᠢᠭᠤᠳ ᠬᠣᠰᠢᠭᠤᠨ ᠤ ᠪᠤᠷᠤᠬᠤᠳᠠ ᠮᠣᠩᠭᠤᠯ ᠳᠤᠮᠳᠠᠳᠤ ᠰᠤᠷᠭᠠᠭᠤᠯᠢ ᠂ ᠬᠠᠢᠯᠠᠰᠤ ᠳᠠᠬᠢ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠂ ᠪᠤᠷᠤᠬᠤᠳᠠ ᠮᠣᠩᠭᠤᠯ ᠪᠠᠭ᠎ᠠ ᠰᠤᠷᠭᠠᠭᠤᠯᠢ ᠶᠢᠨ ᠪᠠᠢᠭᠤᠯᠤᠭᠳᠠᠭᠰᠠᠨ ᠳᠠᠷᠠᠭᠠᠯᠠᠯ ᠤᠨ ᠪᠦᠷᠢᠨ ᠵᠦᠪ ᠨᠢ ᠄ A. 1956. 1978. 1979 ᠃ B. 1978. 1979. 1956 ᠃ C. 1979. 1956. 1978

    18. ᠮᠣᠩᠭᠤᠯᠴᠤᠳ ᠪᠦᠰ ᠪᠠᠷᠠᠭ᠎ᠠ ᠶᠢ ᠪᠤᠰᠤᠳ ᠲᠦ ᠪᠡᠯᠡᠭ ᠪᠣᠯᠭᠠᠨ ᠥᠭᠬᠦ ᠶᠢᠨ ᠵᠦᠪ ᠦᠢᠯᠡ ᠨᠢ ᠄ A. ᠪᠦᠰ ᠤᠨ ᠨᠤᠭᠤᠯᠤᠭᠠᠰᠤ ᠶᠢᠨ ᠠᠮᠠ ᠶᠢ ᠪᠡᠯᠡᠭ ᠳᠤᠰᠤᠭᠴᠢ ᠶᠢᠨ ᠢᠶᠡᠨ ᠥᠭᠡᠳᠡ ᠬᠠᠨᠳᠤᠭᠤᠯᠵᠤ ᠥᠭᠳᠡᠭ ᠃ B.ᠪᠦᠰ ᠤᠨ ᠨᠤᠭᠤᠯᠤᠭᠠᠰᠤ ᠶᠢᠨ ᠠᠮᠠ ᠶᠢ ᠥᠪᠡᠷ ᠤᠨ ᠪᠡᠶ᠎ᠡ ᠵᠦᠭ ᠢᠶᠡᠨ ᠬᠠᠨᠳᠤᠭᠤᠯᠵᠤ ᠥᠭᠳᠡᠭ ᠃ C. ᠶᠠᠭᠤ ᠶᠢ ᠴᠣ᠋ ᠬᠠᠮᠢᠶᠠᠷᠬᠤ ᠦᠭᠡᠢ ᠥᠭᠪᠡᠯ ᠪᠣᠯᠴᠢᠬᠠᠨ᠎ᠠ ᠃

    19. ᠮᠣᠩᠭᠤᠯᠴᠤᠳ ᠤᠨ ᠳᠠᠶᠠᠭᠠᠷ ᠤᠯᠠᠨ ᠢᠶᠡᠷ ᠠᠮᠰᠠᠬᠤ ᠶᠣᠰᠤ ᠲᠠᠢ ᠮᠢᠬ᠎ᠠ ᠭᠡᠵᠦ ᠬᠡᠯᠡᠳᠡᠭ ᠨᠢ ᠄ A. ᠰᠡᠭᠡᠷ ᠤᠨ ᠮᠢᠬ᠎ᠠ ᠃ B. ᠳᠠᠯᠤ ᠶᠢᠨ ᠮᠢᠬ᠎ᠠ ᠃ C. ᠤᠭᠤᠴᠠ ᠶᠢᠨ ᠮᠢᠬ᠎ᠠ ᠃

    20. ᠳᠣᠣᠷᠠᠬᠢ ᠮᠣᠷᠢᠨ ᠡᠳ᠋ᠯᠡᠯ ᠤᠨ ᠲᠠᠰᠢᠶ᠎ᠠ ᠬᠡᠯᠡᠯᠭᠡ ᠪᠣᠯᠬᠤ ᠨᠢ ᠄ A. ᠵᠢᠷᠢᠮ ᠪᠣᠯ ᠣᠯᠤᠩ ᠤᠨ ᠭᠣᠷᠭᠢ ᠶᠢ ᠳᠤᠷᠭᠤᠭᠠᠬᠤ ᠬᠠᠪᠲᠠᠭᠠᠢ ᠰᠤᠷ ᠪᠤᠶᠤ ᠭᠥᠷᠦᠮᠡᠯ ᠰᠤᠷ ᠢ ᠬᠡᠯᠡᠳᠡᠭ ᠃ B. ᠴᠢᠳᠦᠷ ᠤᠨ ᠰᠤᠮᠤ ᠭᠡᠳᠡᠭ ᠨᠢ ᠬᠠ ᠭᠤᠶ᠎ᠠ ᠶᠢᠨ ᠬᠣᠭᠤᠷᠤᠨᠳᠤᠬᠢ ᠤᠷᠳᠤ ᠬᠣᠯᠪᠤᠭᠠᠰᠤ ᠳᠡᠭᠡᠰᠦ ᠪᠤᠶᠤ ᠭᠠᠷᠠᠬ᠎ᠠ ᠶᠢ ᠬᠡᠯᠡᠳᠡᠭ ᠃ C. ᠬᠠᠵᠠᠭᠠᠷ ᠲᠦ ᠴᠤᠯᠪᠤᠭᠤᠷ ᠲᠠᠢ ᠪᠠᠢᠳᠠᠭ ᠃

    21. ᠦᠭᠬᠦᠭᠳᠡᠭᠰᠡᠨ ᠬᠡᠯᠡᠯᠭᠡ ᠶᠢᠨ ᠪᠤᠲᠠ ᠮᠠᠯ ᠳᠤ ᠪᠦᠷᠢᠨ ᠬᠠᠷᠢᠶᠠᠯᠠᠭᠳᠠᠬᠤ ᠨᠢ ᠄ A. ᠠᠳᠠ ᠂ ᠦᠷᠢᠶ᠎ᠡ ᠂ ᠦᠨᠢᠶ᠎ᠡ ᠂ ᠲᠠᠭ᠎ᠠ ᠃ B. ᠲᠤᠭᠤᠯ ᠂ ᠵᠤᠰᠠᠭ ᠂ ᠬᠣᠨᠢ ᠂ ᠪᠤᠲᠤᠭᠤ ᠃ C. ᠢᠰᠢᠭᠡ ᠂ ᠲᠥᠯᠦᠭᠡ ᠂ ᠬᠤᠷᠠᠭ᠎ᠠ ᠂ ᠬᠤᠴᠠ ᠃

    22. ᠡᠮ᠎ᠡ ᠬᠦᠢᠰᠦᠨ ᠤ ᠮᠠᠯ ᠪᠣᠯᠬᠤ ᠬᠡᠯᠡᠯᠭᠡ ᠶᠢᠨ ᠪᠦᠯᠦᠭ ᠨᠢ ᠄ A. ᠭᠤᠨᠵᠢ ᠂ ᠪᠠᠢᠳᠠᠰᠤ ᠂ ᠢᠩᠭᠡ ᠂ ᠭᠡᠭᠦᠦ ᠃ B. ᠢᠷᠭᠡ ᠂ ᠰᠡᠷᠬᠡ ᠂ ᠪᠤᠬ᠎ᠠ ᠂ ᠪᠤᠷ᠎ᠠ ᠃ C. ᠭᠤᠨ ᠂ ᠦᠷᠢᠶ᠎ᠡ ᠂ ᠭᠡᠭᠡᠯ ᠲᠠᠢ ᠢᠮᠠᠭ᠎ᠠ ᠂ ᠱᠠᠷ ᠃

    23. ᠡᠭᠦᠳᠡᠨ ᠳᠤᠳᠤᠭᠤ ᠡᠴᠡ ᠳᠡᠭᠦᠵᠢᠯᠡᠭᠳᠡᠵᠦ ᠪᠣᠯᠬᠤ ᠦᠭᠡᠢ ᠨᠢ ᠄ A. ᠤᠬᠠᠭᠠᠨ ᠦᠭᠡᠢ ᠭᠡᠳᠡᠭ ᠃ B. ᠪᠡᠶ᠎ᠡ ᠴᠢᠨᠢ ᠥᠰᠬᠦ ᠦᠭᠡᠢ ᠪᠣᠯᠤᠨ᠎ᠠ ᠭᠡᠳᠡᠭ ᠃ C. ᠠᠮᠢᠨ ᠳᠤ ᠴᠢᠨᠢ ᠬᠠᠷᠰᠢ ᠭᠡᠳᠡᠭ ᠃

    24. ᠮᠣᠩᠭᠤᠯᠴᠤᠳ ᠤᠨ ᠴᠠᠭᠠᠨ ᠤ ᠶᠠᠪᠤᠳᠠᠯ ᠳᠤ ᠬᠦᠬᠦᠷ ᠢ ᠭᠠᠷᠳᠠᠭᠤᠯᠬᠤ ᠶᠢᠨ ᠵᠦᠪ ᠦᠢᠯᠡ ᠨᠢ ᠄ A. ᠬᠦᠬᠦᠷ ᠢᠶᠡᠨ ᠭᠠᠷᠭᠠᠮᠠᠭᠴᠠ ᠥᠭᠭᠦᠨ᠎ᠡ ᠃ B. ᠬᠦᠬᠦᠷ ᠢᠶᠡᠨ ᠭᠠᠷᠭᠠᠵᠤ ᠠᠮᠠᠰᠠᠷ ᠢ ᠨᠢ ᠰᠤᠯᠠᠯᠠᠵᠦ ᠥᠭᠭᠦᠨ᠎ᠡ ᠃C. ᠬᠦᠬᠦᠷ ᠢᠶᠡᠨ ᠭᠠᠷᠭᠠᠵᠤ ᠠᠮᠠᠰᠠᠷ ᠢ ᠨᠢ ᠴᠢᠩᠭᠠᠯᠠᠵᠦ ᠥᠭᠭᠦᠨ᠎ᠡ ᠃

    25. ᠲᠠᠮᠷᠢᠨᠵᠠᠪ ᠂ ᠷᠠᠰᠢᠰᠸᠷᠡᠩ ᠬᠣᠶᠠᠷ ᠪᠠᠭᠠᠲᠤᠷ ᠨᠢ ᠄ A. ᠰᠣᠶᠤᠯ ᠤᠨ ᠶᠡᠬᠡ ᠬᠤᠪᠢᠰᠭᠠᠯ ᠤᠨ ᠦᠶ᠎ᠡ ᠳᠤ ᠨᠠᠰᠤ ᠪᠠᠷᠠᠪᠠ ᠃ B. ᠥᠭᠡᠷᠡᠴᠢᠯᠡᠯᠲᠡ ᠨᠡᠭᠡᠭᠡᠯᠲᠡ ᠶᠢᠨ ᠦᠶ᠎ᠡ ᠳᠤ ᠨᠠᠰᠤ ᠪᠠᠷᠠᠪᠠ ᠃ C. ᠮᠠᠯᠵᠢᠯ ᠤᠨ ᠥᠭᠡᠷᠡᠴᠢᠯᠡᠯᠲᠡ ᠶᠢᠨ ᠦᠶ᠎ᠡ ᠳᠤ ᠨᠠᠰᠤ ᠪᠠᠷᠠᠪᠠ ᠃

    26. ᠰᠢᠷ᠎ᠠ ᠮᠦᠷᠢᠨ ᠤ ᠡᠬᠢ ᠠᠪᠤᠭᠰᠠᠨ ᠭᠠᠵᠠᠷ ᠨᠢ ᠄ A. ᠯᠢᠨ ᠰᠢ ᠰᠢᠶᠠᠨ ᠳᠤ ᠪᠤᠢ ᠃ B. ᠣᠩᠨᠢᠭᠤᠳ ᠬᠣᠰᠢᠭᠤᠨ ᠳᠤ ᠪᠤᠢ ᠃ C. ᠬᠡᠰᠢᠭᠲᠡᠨ ᠬᠣᠰᠢᠭᠤᠨ ᠳᠤ ᠪᠤᠢ ᠃

    27. ᠾᠦᠩ ᠱᠠᠨ ᠤᠰᠤᠨ ᠴᠥᠭᠦᠷᠦᠮ ᠨᠢ ᠄ A. ᠯᠤᠤᠬ᠎ᠠ ᠶᠢᠨ ᠭᠣᠣᠯ ᠳᠡᠭᠡᠷ᠎ᠡ ᠪᠠᠢᠨ᠎ᠠ ᠃ B. ᠰᠢᠷ᠎ᠠ ᠮᠥᠷᠡᠨ ᠳᠡᠭᠡᠷ᠎ᠡ ᠪᠠᠢᠨ᠎ᠠ ᠃ C. ᠴᠦᠨᠳᠤᠪ ᠤᠨ ᠭᠣᠣᠯ ᠳᠡᠭᠡᠷ᠎ᠡ ᠪᠠᠢᠨ᠎ᠠ ᠃

    28. 《 ᠥᠨᠳᠦᠷ ᠠᠭᠤᠯᠠ ᠶᠢᠨ ᠬᠥᠲᠦᠯ ᠵᠣᠷᠢ ᠂ ᠥᠷᠭᠡᠨ ᠮᠥᠷᠡᠨ ᠤ ᠣᠯᠤᠮ ᠵᠣᠷᠢ 》 ᠭᠡᠵᠦ ᠪᠠᠢᠳᠠᠭ ᠪᠢᠯᠡ ︕ ᠲᠡᠭᠡᠪᠡᠯ ᠭᠣᠣᠯ ᠮᠥᠷᠡᠨ ᠤ ᠣᠯᠤᠮ ᠭᠡᠳᠡᠭ ᠤᠨ ᠵᠦᠪ ᠬᠡᠯᠡᠯᠭᠡ ᠪᠣᠯᠬᠤ ᠨᠢ ᠄ A. ᠭᠣᠣᠯ ᠮᠥᠷᠡᠨ ᠤ ᠬᠠᠵᠠᠭᠤ ᠬᠥᠪᠡᠭᠡᠨ ᠤ ᠡᠷᠭᠢ ᠲᠠᠢ ᠬᠡᠰᠡᠭ ᠃ B. ᠭᠣᠣᠯ ᠮᠥᠷᠡᠨ ᠤ ᠤᠷᠤᠰᠭᠠᠯ ᠤᠨ ᠭᠠᠳᠤᠯᠵᠦ ᠪᠣᠯᠬᠤ ᠳᠥᠭᠦᠮ ᠬᠢᠯᠪᠠᠷ ᠭᠠᠵᠠᠷ ᠃ C. ᠭᠣᠣᠯ ᠮᠥᠷᠡᠨ ᠤ ᠤᠷᠤᠰᠭᠠᠯ ᠤᠨ ᠲᠦᠷᠭᠡᠨ ᠬᠠᠷᠪᠤᠯᠲᠠ ᠶᠢᠨ ᠭᠠᠵᠠᠷ ᠃

    29. ᠡᠷᠡᠦ ᠶᠠᠰᠤᠨ ᠤ ᠮᠢᠬ᠎ᠠ ᠶᠢ ᠬᠡᠦᠬᠡᠳ ᠢᠳᠡᠵᠦ ᠪᠣᠯᠬᠤ ᠦᠭᠡᠢ ᠨᠢ ᠄ A. ᠬᠡᠯᠡ ᠠᠮᠠ ᠪᠣᠯᠤᠨ᠎ᠠ ᠭᠡᠳᠡᠭ ᠃ B. ᠡᠷᠡᠦ ᠨᠢ ᠤᠷᠳᠤ ᠪᠣᠯᠤᠨ᠎ᠠ ᠭᠡᠳᠡᠭ ᠃ C. ᠪᠤᠰᠤᠳ ᠲᠦ ᠬᠡᠯᠡᠭᠳᠡᠨ᠎ᠡ ᠭᠡᠳᠡᠭ ᠃

    30. ᠨᠢᠭᠡ ᠬᠤᠨᠢᠨ ᠳᠤ ᠪᠠᠢᠬᠤ ᠱᠠᠭ᠎ᠠ ᠶᠢᠨ ᠲᠣᠭ᠎ᠠ ᠶᠢᠨ ᠵᠦᠪ ᠬᠡᠯᠡᠯᠭᠡ ᠨᠢ ᠄ A. 2 ᠪᠠᠢᠨ᠎ᠠ ᠃ B. 4 ᠪᠠᠢᠨ᠎ᠠ ᠃ C. 8 ᠪᠠᠢᠨ᠎ᠠ ᠃

    31. ᠨᠢᠭᠡ ᠬᠤᠨᠢᠨ ᠳᠤ ᠪᠠᠢᠬᠤ ᠲᠠᠰᠢᠶ᠎ᠠ ᠬᠡᠯᠡᠯᠭᠡ ᠨᠢ ᠄ A. ᠨᠢᠭᠡᠡᠪᠴᠢᠬᠦᠦ ᠂ ᠨᠢᠭᠡᠤᠭᠤᠴᠠ ᠲᠠᠢ ᠪᠠᠢᠳᠠᠭ ᠃ B. ᠬᠣᠶᠠᠷ ᠬᠠ ᠂ ᠬᠣᠶᠠᠷ ᠭᠤᠶ᠎ᠠ ᠲᠠᠢ ᠪᠠᠢᠳᠠᠭ ᠃ C. ᠨᠢᠭᠡ ᠡᠪᠴᠢᠭᠦᠦ ᠂ ᠬᠣᠶᠠᠷ ᠳᠠᠯᠤ ᠂ ᠳᠥᠷᠪᠡᠨ ᠭᠤᠶ᠎ᠠ ᠲᠠᠢ ᠪᠠᠢᠳᠠᠭ ᠃

    32. ᠬᠤᠨᠢᠨ ᠤ ᠬᠠ ᠳᠤ ᠬᠣᠯᠪᠤᠭᠳᠠᠬᠤ ᠶᠠᠰᠤᠨ ᠤ ᠨᠡᠷᠡᠢᠳᠦᠯ ᠤᠨ ᠪᠦᠷᠢᠨ ᠵᠦᠪ ᠨᠢ ᠄ A. ᠡᠭᠡᠮ ᠤᠨ ᠶᠠᠰᠤ ᠂ ᠪᠤᠭᠳᠤᠭᠤᠰᠤ ᠶᠠᠰᠤ ᠂ ᠰᠡᠭᠦᠵᠢ ᠶᠢᠨ ᠶᠠᠰᠤ ᠃ B. ᠳᠠᠯᠤ ᠶᠢᠨ ᠶᠠᠰᠤ ᠂ ᠪᠤᠭᠳᠤᠭᠤᠰᠤ ᠶᠠᠰᠤ ᠂ ᠬᠠᠷᠢᠲᠤ ᠶᠠᠰᠤ ᠃ C. ᠰᠡᠭᠦᠵᠢ ᠶᠢᠨ ᠶᠠᠰᠤ ᠂ ᠳᠤᠮᠳᠠ ᠴᠥᠮᠦᠭᠡ ᠶᠢᠨ ᠶᠠᠰᠤ ᠂ ᠱᠠᠭᠠᠨᠲᠤ ᠶᠠᠰᠤ ᠃

    33. ᠳᠣᠣᠷᠠᠬᠢ ᠬᠡᠯᠡᠯᠭᠡ ᠶᠢᠨ ᠲᠠᠰᠢᠶ᠎ᠠ ᠪᠣᠯᠬᠤ ᠨᠢ ᠄ A. ᠣᠩᠨᠢᠭᠤᠳ ᠤᠨ ᠡᠯᠡᠰᠦ ᠮᠠᠩᠬ᠎ᠠ ᠨᠢ ᠬᠣᠷᠴᠢᠨ ᠡᠯᠡᠰᠦᠨ ᠳᠤ ᠬᠠᠷᠢᠶᠠᠯᠠᠭᠳᠠᠨ᠎ᠠ ᠃ B. ᠣᠩᠨᠢᠭᠤᠳ ᠤᠨ ᠭᠠᠵᠠᠷ ᠨᠤᠲᠤᠭ ᠢᠶᠡᠷ ᠥᠩᠭᠡᠷᠡᠵᠦ ᠪᠠᠢᠭ᠎ᠠ ᠰᠢᠷ᠎ᠠ ᠮᠥᠷᠡᠨ ᠯᠤᠤᠬ᠎ᠠ ᠶᠢᠨ ᠭᠣᠣᠯ ᠤᠨ ᠤᠰᠤ ᠨᠢ ᠯᠢᠶᠣᠣ ᠾᠧ ᠭᠣᠣᠯ ᠳᠤ ᠴᠢᠳᠬᠤᠵᠦ ᠲᠠᠬᠢᠨ ᠯᠢᠶᠣᠣ ᠾᠧ ᠭᠣᠣᠯ ᠢᠶᠡᠷ ᠳᠠᠮᠵᠢᠨ ᠪᠦᠸᠧᠬᠠᠢ ᠲᠠᠩᠭᠢᠰ ᠲᠦ ᠣᠷᠤᠵᠤ ᠨᠣᠮᠤᠬᠠᠨ ᠳᠠᠯᠠᠢ ᠳᠤ ᠣᠷᠤᠳᠠᠭ ᠃ C. ᠣᠩᠨᠢᠭᠤᠳ ᠬᠣᠰᠢᠭᠤᠨ ᠤ ᠠᠭᠤᠷ ᠠᠮᠢᠰᠭᠤᠯ ᠨᠢ ᠰᠡᠷᠢᠭᠦᠨ ᠪᠦᠰᠡᠨ ᠤ ᠠᠭᠤᠷ ᠠᠮᠢᠰᠭᠤᠯ ᠳᠤ ᠬᠠᠷᠢᠶᠠᠯᠠᠭᠳᠠᠨ᠎ᠠ ᠃

    34. ᠰᠢᠷ᠎ᠠ ᠶᠢᠨ ᠱᠠᠰᠢᠨ ᠤ ᠰᠤᠪᠤᠷᠭ᠎ᠠ ᠶᠢᠨ ᠰᠠᠭᠤᠷᠢ ᠨᠢ ᠳᠥᠷᠪᠡᠯᠵᠢᠨ ᠂ ᠳᠤᠮᠳᠠ ᠪᠡᠨ ᠪᠥᠮᠪᠦᠷᠬᠡᠨ ᠬᠡᠯᠪᠡᠷᠢ ᠲᠠᠢ ᠪᠠᠢᠳᠠᠭ ᠃ ᠲᠡᠭᠡᠪᠡᠯ ᠲᠡᠷᠡᠬᠦ ᠪᠥᠮᠪᠦᠷᠭᠡᠨ ᠬᠡᠯᠪᠡᠷᠢ ᠲᠠᠢ ᠪᠠᠢᠳᠠᠭ ᠤᠨ ᠲᠥᠯᠦᠭᠡᠯᠡᠭᠴᠢ ᠪᠣᠯᠬᠤ ᠨᠢ ᠄ A. ᠰᠢᠷᠤᠢ ᠃ B. ᠤᠰᠤ ᠃ C. ᠭᠠᠯ ᠃

    35. ᠳᠡᠭᠡᠷ᠎ᠡ ᠵᠠᠭᠤᠨ ᠤ ᠳᠥᠴᠢᠭᠡᠳ ᠣᠨ ᠤ ᠦᠶᠡᠰ ᠤᠨ ᠣᠩᠨᠢᠭᠤᠳ ᠠᠤᠬᠠᠨ ᠬᠣᠯᠪᠤᠭᠠᠲᠤ ᠬᠣᠰᠢᠭᠤᠨ ᠤ ᠵᠠᠰᠠᠭ ᠤᠨ ᠣᠷᠳᠤᠨ ᠤ ᠰᠠᠭᠤᠷᠢᠰᠢᠵᠤ ᠪᠠᠢᠭᠰᠠᠨ ᠭᠠᠵᠠᠷ ᠪᠣᠯᠬᠤ ᠨᠢ ᠄ A. ᠤᠳᠠᠨᠳᠤᠬᠤᠢ ᠃ B. ᠢᠳᠤᠭᠤᠨ ᠭᠤᠤ ᠃ C. ᠬᠠᠢᠯᠠᠰᠤ ᠃

    36. ᠣᠳᠤ ᠶᠢᠨ ᠮᠠᠨ ᠤ ᠬᠡᠷᠡᠭᠯᠡᠵᠦ ᠪᠠᠢᠭ᠎ᠠ ᠦᠰᠦᠭ ᠪᠢᠴᠢᠭ᠌ ᠤᠨ ᠵᠦᠪ ᠬᠡᠯᠡᠯᠭᠡ ᠨᠢ ᠄ A. ᠰᠢᠨ᠎ᠡ ᠮᠣᠩᠭᠤᠯ ᠦᠰᠦᠭ ᠃ B. ᠤᠢᠭᠤᠷᠵᠢᠨ ᠮᠣᠩᠭᠤᠯ ᠦᠰᠦᠭ ᠃ C. ᠲᠣᠳᠤ ᠮᠣᠩᠭᠤᠯ ᠦᠰᠦᠭ ᠃

    37. ᠮᠣᠩᠭᠤᠯᠴᠤᠳ ᠢᠳᠡᠭᠡᠨ ᠢᠶᠡᠨ ᠴᠠᠭᠠᠨ ᠢᠳᠡᠭᠡᠨ ᠂ ᠤᠯᠠᠭᠠᠨ ᠢᠳᠡᠭᠡᠨ ᠂ ᠪᠣᠷᠤ ᠢᠳᠡᠭᠡᠨ ᠂ ᠬᠥᠬᠡ ᠢᠳᠡᠭᠡᠨ ᠭᠡᠵᠦ ᠢᠯᠭᠠᠪᠤᠷᠢᠯᠠᠵᠦ ᠬᠡᠯᠡᠳᠡᠭ ᠃ ᠲᠡᠭᠡᠪᠡᠯ ᠬᠥᠬᠡ ᠢᠳᠡᠭᠡᠨ ᠭᠡᠳᠡᠭ ᠤᠨ ᠵᠦᠪ ᠬᠡᠯᠡᠯᠭᠡ ᠪᠣᠯᠬᠤ ᠨᠢ ᠄ A. ᠵᠢᠮᠢᠰ ᠨᠣᠭᠤᠭ᠎ᠠ ᠶᠢᠨ ᠲᠥᠷᠦᠯ ᠤᠨ ᠢᠳᠡᠭᠡᠨ ᠃ B. ᠲᠠᠷᠢᠶᠠᠯᠠᠩ ᠤᠨ ᠤᠷᠭᠤᠮᠠᠯ ᠤᠨ ᠲᠥᠷᠦᠯ ᠤᠨ ᠢᠳᠡᠭᠡᠨ ᠃ C. ᠮᠢᠬᠠᠨ ᠤ ᠲᠥᠷᠦᠯ ᠤᠨ ᠢᠳᠡᠭᠡᠨ ᠃

    38. ᠳᠣᠣᠷᠠᠬᠢ ᠦᠭᠬᠦᠭᠳᠡᠭᠰᠡᠨ ᠬᠡᠷᠡᠭᠰᠡᠯ ᠤᠨ ᠵᠦᠢᠯᠡᠰ ᠲᠦ 《 ᠬᠡᠯᠡ》 ᠪᠠᠢᠵᠤ ᠪᠣᠯᠬᠤ ᠦᠭᠡᠢ ᠨᠢ ᠄ A. ᠣᠯᠤᠩ ᠵᠢᠷᠢᠮ ᠤᠨ ᠭᠣᠷᠭᠢ ᠃ B. ᠲᠡᠮᠡᠭᠡᠨ ᠬᠤᠩᠬᠤ ᠃ C. ᠲᠠᠰᠢᠭᠤᠷ ᠃

    39. ᠳᠣᠣᠷᠠᠬᠢ ᠦᠭᠬᠦᠭᠳᠡᠭᠰᠡᠨ ᠬᠡᠷᠡᠭᠰᠡᠯ ᠳᠤ 《 ᠠᠷᠠᠯ 》ᠪᠠᠢᠵᠤ ᠪᠣᠯᠬᠤ ᠦᠭᠡᠢ ᠨᠢ ᠄ A. ᠬᠡᠦᠬᠡᠳ ᠤᠨ ᠥᠯᠦᠭᠡᠢ B. ᠳᠥᠷᠪᠡᠨ ᠤᠲᠠᠰᠤᠲᠤ ᠬᠤᠭᠤᠷ ᠃ C. ᠮᠣᠩᠭᠤᠯ ᠭᠡᠷ ᠤᠨ ᠲᠣᠭᠤᠨᠤ ᠃

    40. ᠬᠤᠨᠢᠨ ᠤ 《 ᠲᠣᠢᠭ ᠤᠨ ᠶᠠᠰᠤ 》ᠶᠢᠨ ᠪᠠᠢᠬᠤ ᠭᠠᠵᠠᠷ ᠢ ᠣᠯᠵᠤ ᠪᠣᠯᠬᠤ ᠵᠦᠪ ᠬᠡᠯᠡᠯᠭᠡ ᠨᠢ ᠄ A. ᠬᠤᠨᠢᠨ ᠤ ᠬᠠ ᠡᠴᠡ ᠣᠯᠵᠤ ᠪᠣᠯᠤᠨ᠎ᠠ ᠃ B. ᠬᠤᠨᠢᠨ ᠤ ᠭᠤᠶ᠎ᠡ ᠡᠴᠡ ᠣᠯᠵᠤ ᠪᠣᠯᠤᠨ᠎ᠠ ᠃ .C. ᠬᠤᠨᠢᠨ ᠤ ᠡᠪᠴᠢᠭᠦᠦ ᠡᠴᠡ ᠣᠯᠵᠤ ᠪᠣᠯᠤᠨ᠎ᠠ ᠃

    41. ᠪᠦᠷᠦᠩᠬᠦᠢ ᠬᠠᠷᠠᠩᠭᠤᠢ ᠪᠠᠷ ᠨᠣᠮ ᠦᠵᠡᠵᠦ ᠪᠣᠯᠬᠤ ᠦᠭᠡᠢ ᠨᠢ ᠄ A. ᠰᠤᠷᠤᠭᠰᠠᠨ ᠢᠶᠡᠨ ᠮᠠᠷᠲᠠᠨ᠎ᠠ ᠭᠡᠳᠡᠭ ᠃B. ᠨᠢᠳᠦᠨ ᠬᠠᠷᠠᠭ᠎ᠠ ᠮᠠᠭᠤᠳᠠᠵᠦ ᠬᠠᠷᠠᠩ ᠪᠣᠯᠤᠨ᠎ᠠ ᠭᠡᠳᠡᠭ ᠃ C. ᠪᠢᠴᠢᠭ᠌ ᠰᠤᠷᠬᠤ ᠦᠭᠡᠢ ᠪᠣᠯᠤᠨ᠎ᠠ ᠭᠡᠳᠡᠭ ᠃

    42. ᠭᠡᠷᠡᠯ ᠮᠠᠩᠨᠠᠢ ᠪᠡᠨ ᠭᠡᠵᠢᠭᠡ ᠪᠠᠷ ᠢᠶᠡᠨ ᠳᠠᠷᠤᠵᠤ ᠪᠣᠯᠬᠤ ᠦᠭᠡᠢ ᠨᠢ ᠄A. ᠭᠡᠢ ᠮᠣᠷᠢ ᠬᠡᠪᠲᠡᠨ᠎ᠡ ᠭᠡᠳᠡᠭ ᠃B. ᠬᠢᠯᠠᠷ ᠨᠢᠳᠦ ᠲᠠᠢ ᠪᠣᠯᠤᠨ᠎ᠠ ᠭᠡᠳᠡᠭ ᠃C. ᠡᠷᠲᠡ ᠦᠳᠡᠯᠦᠨ᠎ᠡ ᠭᠡᠳᠡᠭ ᠃

    43. ᠤᠯᠠᠭᠠᠨᠬᠠᠳᠠ ᠡᠴᠡ ᠪᠤᠷᠤᠤ᠋ᠰᠤ ᠬᠦᠷᠬᠦ 305 ᠤᠯᠤᠰ ᠤᠨ ᠵᠠᠮ ᠤᠨ ᠬᠠᠢᠯᠠᠰᠤ ᠪᠠᠯᠭᠠᠰᠤ ᠪᠠᠷ ᠥᠩᠭᠡᠷᠡᠬᠦ ᠬᠣᠶᠠᠷ ᠤᠯᠠᠭᠠᠨ ᠨᠣᠭᠤᠭᠠᠨ ᠳ᠋ᠧᠩ ᠤᠨ ᠬᠣᠭᠤᠷᠤᠨᠳᠤᠬᠢ ᠵᠠᠮ ᠤᠨ ᠨᠡᠷᠡᠢᠳᠦᠯ ᠨᠢ ᠄ A. ᠬᠠᠢᠯᠠᠰᠤ ᠵᠡᠭᠡᠯᠢ ( ᠵᠠᠮ ) ᠃ B. ᠪᠠᠶᠠᠨᠬᠤᠸᠠ ᠵᠡᠭᠡᠯᠢ ( ᠵᠠᠮ ) ᠃ C. ᠪᠦᠷᠢᠳᠤᠨ ᠵᠡᠭᠡᠯᠢ ( ᠵᠠᠮ ) ᠃

    44. ᠮᠠᠨ ᠤ ᠰᠤᠷᠭᠠᠭᠤᠯᠢ ᠶᠢᠨ ᠣᠳᠣᠬᠢ ᠪᠦᠷᠢᠨ ᠵᠦᠪ ᠨᠡᠷᠡᠢᠳᠦᠯ ᠨᠢ ᠨᠢ ᠄A. ᠣᠩᠨᠢᠭᠤᠳ ᠬᠣᠰᠢᠭᠤᠨ ᠤ ᠬᠠᠢᠯᠠᠰᠤ ᠳᠤᠮᠳᠠᠳᠤ ᠰᠤᠷᠭᠠᠭᠤᠯᠢ ᠃B. ᠣᠩᠨᠢᠭᠤᠳ ᠬᠣᠰᠢᠭᠤᠨ ᠤ ᠬᠠᠢᠯᠠᠰᠤ ᠮᠣᠩᠭᠤᠯ ᠳᠤᠮᠳᠠᠳᠤ ᠰᠤᠷᠭᠠᠭᠤᠯᠢ ᠃ C. ᠣᠩᠨᠢᠭᠤᠳ ᠬᠣᠰᠢᠭᠤᠨ ᠤ ᠬᠠᠢᠯᠠᠰᠤ ᠳᠠᠬᠢ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠃

    45. ᠮᠣᠩᠭᠤᠯ ᠳᠤᠭᠠᠯᠠᠯᠭ᠎ᠠ ᠳᠤ ᠵᠠᠭᠤᠨ ᠳᠦᠮᠨ ᠭᠡᠳᠡᠭ ᠢ ᠄A. ᠪᠤᠮ ᠃ B ᠰᠠᠶ᠎ᠠ ᠃ C. ᠵᠢᠸ᠎ᠠ ᠃

    46.蒙A,蒙B,蒙C,蒙D ᠭᠡᠳᠡᠭ ᠤᠨ ᠭᠠᠵᠠᠷ ᠣᠷᠤᠨ ᠤ ᠲᠡᠷᠭᠡᠨ ᠨᠣᠮᠧᠷ ᠤᠨ ᠳᠦᠯᠦᠭᠡᠯᠡᠬᠦ ᠳᠠᠷᠠᠭᠠᠯᠠᠯ ᠤᠨ ᠵᠦᠪ ᠨᠢ ᠄A. ᠬᠥᠬᠡᠬᠣᠲᠠ ᠂ ᠪᠤᠭᠤᠲᠤ ᠬᠤᠳᠠ ᠂ ᠦᠬᠠᠢ ᠬᠤᠳᠠ ᠂ ᠤᠯᠠᠭᠠᠨᠬᠠᠳᠠ ᠬᠤᠳᠠ ᠃ B. ᠪᠤᠭᠤᠲᠤ ᠬᠤᠳᠠ ᠂ ᠦᠬᠠᠢ ᠬᠤᠳᠠ ᠂ ᠬᠥᠬᠡᠬᠣᠲᠠ ᠂ ᠤᠯᠠᠭᠠᠨᠬᠠᠳᠠ ᠬᠤᠳᠠ ᠃ C. ᠪᠤᠭᠤᠲᠤ ᠬᠤᠳᠠ ᠂ ᠬᠥᠬᠡᠬᠣᠲᠠ ᠂ ᠦᠬᠠᠢ ᠬᠤᠳᠠ ᠂ ᠤᠯᠠᠭᠠᠨᠬᠠᠳᠠ ᠬᠤᠳᠠ ᠃

    47. ᠮᠣᠷᠢᠨ ᠤ ᠬᠡᠷᠡᠭᠰᠡᠯ ᠤᠨ ᠭᠤᠷᠪᠠᠨ ᠠᠯᠠᠭ᠎ᠠ ᠲᠠᠢ ᠪᠠᠢᠳᠠᠭ ᠤᠨ ᠵᠦᠪ ᠬᠡᠯᠡᠯᠭᠡ ᠨᠢ :A. ᠥᠷᠦᠭᠡᠯ ᠃ B. ᠳᠤᠱᠠ ᠃ C. ᠴᠢᠳᠦᠷ ᠃

    48. ᠮᠣᠩᠭᠤᠯ ᠭᠡᠷ ᠤᠨ ᠬᠠᠨ᠎ᠠ ᠶᠢ ᠪᠦᠷᠢᠭᠰᠡᠨ ᠪᠦᠷᠢᠶᠡᠰᠦ ᠨᠢ ᠄ A ᠂ ᠲᠤᠭᠤᠷᠭ᠎ᠠ ᠃ B ᠂ ᠳᠡᠭᠡᠪᠦᠷ ᠃ C ᠂ ᠡᠷᠦᠬᠡ ᠃

    49. 《ᠮᠠᠷᠺᠤ ᠫᠣᠯᠣ ᠶᠢᠨ ᠠᠶᠠᠯᠠᠯ ᠤᠨ ᠲᠡᠮᠳᠡᠭᠯᠡᠯ 》ᠳᠤ ᠠᠯᠢ ᠬᠤᠳᠠ ᠶᠢᠨ ᠴᠡᠴᠡᠭᠯᠡᠨ ᠬᠥᠭᠵᠢᠭᠰᠡᠨ ᠪᠠᠢᠳᠠᠯ ᠢ ᠳᠦᠷᠰᠤᠯᠡᠨ ᠪᠢᠴᠢᠭᠰᠡᠨ ᠪᠤᠢ ︖ A ᠂ ᠳᠤᠤᠺᠢᠤ᠋ ᠃ B ᠂ ᠳ᠋ᠠᠢᠳᠤ ᠃ C ᠴᠠᠩ ᠠᠨ ᠃

    50. ᠪᠡᠶ᠎ᠡ ᠪᠠᠨ ᠳᠠᠭᠠᠭᠠᠬᠤ ᠴᠢᠳᠠᠪᠤᠷᠢ ᠶᠢ ᠳᠡᠭᠡᠭᠰᠢᠯᠡᠭᠦᠯᠬᠦ ᠬᠠᠮᠤᠭ ᠤᠨ ᠦᠨᠳᠦᠰᠦᠨ ᠠᠷᠭ᠎ᠠ ᠬᠡᠮᠵᠢᠶ᠎ᠡ ᠪᠣᠯ ᠄ A ᠂ ᠡᠵᠡᠨ ᠮᠡᠳᠡᠬᠦ ᠤᠬᠠᠮᠰᠠᠷ ᠢ ᠪᠤᠢ ᠪᠣᠯᠭᠠᠨ᠎ᠠ ᠃ B ᠂ ᠵᠢᠵᠢᠭ᠌ ᠰᠠᠵᠢᠭ ᠠᠵᠢᠯ ᠡᠴᠡ ᠡᠬᠢᠯᠡᠵᠦ ᠬᠢᠨ᠎ᠡ ᠃ C ᠂ ᠦᠢᠯᠡᠳᠦᠯᠭᠡ ᠳᠤ ᠣᠷᠤᠯᠴᠠᠨ ᠭᠠᠳᠠᠭᠰᠢ ᠶᠠᠪᠤᠵᠤ ᠠᠵᠢᠯᠯᠠᠨ᠎ᠠ

    ᠬᠠᠷᠢᠭᠤᠯᠲᠠ ᠨᠢ ᠳᠣᠣᠷᠠᠬᠢ ᠮᠡᠲᠦ ᠄ 1.C,2.A,3.A,4.B,5.C,6.A,7.A,8.B,9.B,10.B,11.A,12.B,13.C,14.C,15B,16.C,17.C, 18.A,19.B,20.C,21.A,22.A,23.B,24.C,25.C,26.C,27.A,28.B,29.A,30.A,31.C,32.B, 33.C,34.B,35.B,36.B,37.A,38.C,39.C,40.B,41.B 42.A 43.C 44.C ᠃45.B ᠃46.A ᠃ 47.C ᠃ 48.A ᠃49.B ᠃ 50.B

ᠦᠨᠡᠯᠡᠬᠦ 1ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )