ᠪᠠᠭᠰᠢ ᠰᠤᠷᠤᠭᠴᠢ ᠶᠢᠨ ᠪᠦᠲᠦᠭᠡᠯ
ᠬᠦᠳ᠋ᠡᠬᠡ ᠳ᠋ᠣ ᠪᠡᠨ ᠵᠢᠷᠭᠠᠯᠳ᠋ᠠᠢ ᠡᠵᠢ
2016.04.18 ᠲᠣᠰ ᠥᠷᠲᠡᠭᠡᠨ ᠦ ᠨᠠᠢᠷᠠᠭᠤᠯᠤᠭᠴᠢ

              

 

                 ᠡᠷᠳᠡᠨᠢᠪᠠᠶᠠᠷ
《 ᠬᠣᠳ᠋ᠠ ᠳ᠋ᠣ ᠣᠴᠢ᠍ᠶ᠎ᠠ ᠡᠵᠢ ᠡ
ᠬᠣᠣᠰ ᠦᠬᠡᠢ ᠵᠢᠷᠭᠠᠯ ᠢ ᠡᠳ᠋ᠯᠡᠬᠦᠯᠦᠶ᠎ᠡ ᠂
ᠨᠠᠰᠣ ᠪᠡᠷ ᠢᠶᠡᠨ ᠵᠦ᠋ᠳ᠋ᠡᠯ᠎ᠡ ᠲᠠ ᠮᠢᠨᠢ
ᠨᠠᠷᠬᠢᠵᠣ ᠵᠢᠷᠭᠠᠵᠣ ᠰᠣᠷ ᠳ᠋ᠠ ᠡᠵᠢ ᠡ ᠃ 》
《 ᠪᠣᠯᠢ ᠂ ᠬᠦᠦ ᠮᠢᠨᠢ ᠂ ᠪᠣᠯᠢ
ᠪᠣᠷᠣᠬᠠᠨ ᠬᠡᠷ ᠲᠣ ᠪᠡᠨ ᠪᠠᠢᠵᠣ ᠪᠠᠢᠶ᠎ᠠ ᠃
ᠬᠣᠳ᠋ᠠ ᠳ᠋ᠣ ᠪᠢ ᠵᠢᠷᠭᠠᠬᠣ ᠪᠢᠰᠢ
ᠬᠦᠳ᠋ᠡᠬᠡ ᠪᠢ ᠵᠣᠪᠠᠯᠠᠩ ᠲᠡᠢ ᠪᠢᠰᠢ ᠃ 》
《ᠭᠦ᠋ ᠲᠡᠢ ᠬᠡᠷ ᠡᠴᠡ ᠪᠡᠨ ᠶᠠᠪᠣᠶ᠎ᠠ ᠡᠵᠢ ᠡ
ᠬᠦᠳ᠋ᠦᠰᠦᠨ ᠲᠡᠪᠡᠯ ᠡᠴᠡ ᠪᠠᠨ ᠰᠠᠯᠣᠶ᠎ᠠ ᠡᠵᠢ ᠡ ᠂
ᠰᠠᠭᠠᠷᠢ ᠲᠡᠢ ᠭᠠᠷ ᠢᠶᠡᠨ ᠲᠣᠰᠣᠯᠠ ᠡᠵᠢ ᠡ
ᠰᠠᠢᠬᠠᠨ ᠲᠡᠪᠡᠯ ᠡᠮᠦᠰ ᠡᠵᠢ ᠡ ︕
ᠬᠦᠦ ᠴᠢᠨᠢ ᠣᠳ᠋ᠣ ᠲᠣᠮᠣ ᠪᠣᠯᠣᠭᠠᠳ
ᠬᠦᠭ᠍ᠰᠢ᠍ᠨ ᠡᠵᠢ ᠪᠡᠨ ᠡᠷᠬᠦᠬᠦ ᠪᠣᠯᠵᠠᠢ ᠂
ᠦᠮᠦᠬᠡᠷ ᠪᠢᠰᠢ ᠂ ᠲᠡᠨᠢ᠍ᠬᠡᠷ ᠪᠠᠢᠰᠢ᠍ᠩ ᠲᠡᠢ
ᠡᠪᠦᠷ ᠰᠢ᠍ᠭ᠌ ᠲᠣᠯᠠᠭᠠᠬᠠᠨ ᠬᠡᠷ ᠲᠡᠢ ᠪᠣᠯᠵᠠᠢ ᠃
ᠦᠨᠢ᠍ᠷ ᠲᠠᠩᠰᠣᠭ ᠲᠡᠩᠳ᠋ᠡᠬᠦᠦ ᠪᠢᠰᠢ ᠴᠣ
ᠦᠪᠡᠷ ᠤᠨ ᠬᠡᠰᠡᠨ ᠣᠷᠣᠴᠠ ᠲᠡᠢ ᠪᠣᠯᠵᠠᠢ ᠃ 》
《 ᠬᠡᠷᠡᠭ᠌ ᠦᠬᠡᠢ ᠂ ᠬᠦᠦ ᠮᠢᠨᠢ ᠂ ᠬᠡᠷᠡᠭ᠌ ᠦᠬᠡᠢ
ᠬᠣᠷᠠᠭ᠎ᠠ ᠲᠣᠭᠣᠯ ᠲᠡᠢ ᠪᠠᠨ ᠨᠣᠣᠷᠠᠯᠳ᠋ᠣᠭᠰᠠᠨ ᠪᠢ
ᠬᠣᠳ᠋ᠠ ᠣᠷᠣᠭᠠᠳ ᠶᠠᠭᠣ ᠬᠢᠬᠦᠪ ᠂
ᠬᠦᠳ᠋ᠡᠬᠡ ᠳ᠋ᠣ ᠪᠠᠨ ᠪᠣᠯᠵᠣ ᠯᠠ ᠪᠠᠢᠭ᠎ᠠ ᠃
ᠭᠦ᠋  ᠲᠡᠢ ᠬᠡᠷ ᠲᠣ ᠰᠠᠭᠣᠯ᠎ᠠ ᠬᠡᠳ
ᠬᠦᠦ ᠮᠢᠨᠢ ᠶᠠᠮᠠᠷ ᠭᠣᠯᠣᠬᠣ ᠪᠢᠰᠢ ᠳ᠋ᠡ
ᠬᠦᠳ᠋ᠦᠰᠦᠨ ᠲᠡᠪᠡᠯ ᠡᠮᠦᠰᠦᠯ᠎ᠡ ᠬᠡᠳ
ᠬᠦᠬᠡᠬᠡ ᠡᠪᠦᠯ ᠳ᠋ᠣ ᠵᠢᠩᠬᠢᠨᠡᠬᠦ ᠪᠢᠰᠢ ᠳ᠋ᠡ ᠃
ᠬᠠᠷᠰᠢ ᠣᠷᠳ᠋ᠣ ᠰᠢ᠍ᠭ ᠬᠡᠷ ᠲᠣ ᠴᠣ
ᠬᠠᠪᠣ ᠦᠬᠡᠢ ᠭᠣᠨᠢ᠍ᠵᠣ ᠮᠡᠳ᠋ᠡᠬᠦ ᠶᠣᠮ ᠂
ᠬᠠᠷᠠᠬᠠᠨ ᠪᠣᠷᠣᠬᠠᠨ ᠬᠡᠷ ᠲᠣ ᠪᠡᠨ ᠴᠣ
ᠬᠠᠭᠠᠨ ᠰᠢ᠍ᠭ ᠵᠢᠷᠭᠠᠵᠣ ᠪᠣᠯᠳ᠋ᠠᠭ ᠶᠣᠮ ᠃ 》
《 ᠬᠦᠮᠦᠨ ᠦ ᠡᠵᠢ ᠬᠣᠳ᠋ᠠ ᠣᠷᠣᠭᠠᠳ
ᠬᠣᠨ ᠰᠢ᠍ᠭ ᠵᠠᠰᠠᠵᠣ ᠂ ᠬᠣᠯᠣᠰᠣ ᠰᠢ᠍ᠭ ᠭᠠᠩᠬᠣᠵᠣ
ᠣᠰᠣᠨ ᠳ᠋ᠣ ᠣᠷᠣᠵᠣ ᠂ ᠲᠣᠰᠣᠨ ᠳ᠋ᠣ ᠱᠠᠩᠳ᠋ᠠᠭᠣᠷᠠᠵᠣ
ᠬᠡᠵᠢ᠍ᠬᠡ ᠪᠡᠨ ᠪᠣᠳ᠋ᠣᠵᠣ ᠂ ᠭᠠᠷ ᠢᠶᠡᠨ ᠲᠣᠰᠣᠯᠠᠵᠣ
ᠡᠩᠬᠦᠷᠡᠢ ᠨᠣᠬᠠᠢ ᠬᠦᠳ᠋ᠦᠯᠵᠦ ᠂ ᠦᠳ᠋ᠦᠨ ᠪᠦᠮᠪᠦᠬᠡ ᠲᠣᠭᠯᠠᠨ
ᠲᠡᠷᠬᠡᠨ ᠳ᠋ᠣ ᠰᠠᠭᠣᠵᠣ ᠂ ᠲᠡᠯᠬᠡᠬᠦᠷ ᠲᠣ ᠰᠡᠯᠡᠬᠦᠴᠡᠨ
ᠦᠳ᠋ᠡᠰᠢ ᠣᠷᠣᠢ ᠦᠶ᠎ᠡ ᠪᠡᠷ ᠢᠶᠡᠨ ᠴᠣᠭᠯᠠᠷᠠᠨ
ᠬᠦᠭᠵᠢ᠍ᠮ ᠲᠠᠯᠪᠢᠵᠣ ᠂ ᠪᠦᠵᠢ᠍ᠭ᠌ ᠦᠰᠦᠷᠦᠨ
ᠬᠦᠷ ᠨᠠᠷᠬᠢᠶᠠᠨ ᠪᠣᠯᠵᠣ ᠪᠠᠢᠨ᠎ᠠ ᠰᠢ᠍ᠦ ᠂ ᠡᠵᠢ ᠡ 》
《 ᠬᠦᠮᠦᠨ ᠬᠦᠮᠦᠨ ᠦ ᠬᠦᠰᠡᠯ ᠬᠡᠭᠴᠢ
ᠬᠡᠯᠬᠢᠭ᠍ᠰᠡᠨ ᠡᠷᠢ᠍ᠬᠡ ᠰᠢ᠍ᠭ᠌ ᠢᠵᠢ᠍ᠯᠬᠡᠨ ᠪᠢᠰᠢ ᠶᠣᠮ ᠂
ᠬᠦᠳ᠋ᠡᠬᠡ ᠬᠣᠳ᠋ᠠ ᠶᠢᠨ ᠵᠢᠷᠭᠠᠯ ᠬᠡᠭᠴᠢ
ᠬᠡᠮᠵᠢ᠍ᠨ ᠲᠡᠩᠰᠡᠯᠡᠭ᠍ᠰᠡᠨ ᠮᠦ᠋ᠩᠬᠦ ᠪᠢᠰᠢ ᠶᠣᠮ ᠃
ᠲᠡᠨᠢ᠍ᠬᠦᠨ ᠴᠢ᠍ᠯᠦᠬᠡᠳ᠋ᠣ ᠬᠦᠳ᠋ᠡᠬᠡ ᠳ᠋ᠣ ᠪᠡᠨ ᠲᠠᠰᠴᠠᠢ ᠂ ᠡᠵᠢ ᠨᠢ
ᠲᠡᠷᠡ ᠰᠠᠢᠬᠠᠨ ᠬᠣᠳ᠋ᠠ ᠳ᠋ᠣ ᠴᠢᠨᠢ ᠣᠴᠢ᠍ᠬᠣ ᠦᠬᠡᠢ ᠂
ᠲᠡᠷᠬᠡ ᠣᠨᠣᠭ᠎ᠠ ᠨᠢ ᠲᠠᠩᠴᠢ ᠣᠯᠠᠨ ᠶᠣᠮ
ᠲᠣᠯᠣᠭᠠᠢ ᠡᠷᠬᠢᠬᠡᠳ ᠪᠣᠯᠳ᠋ᠠᠭ ᠦᠬᠡᠢ ᠃
ᠲᠡᠪᠢᠰᠦᠭ᠍ᠰᠡᠨ ᠭᠠᠵᠠᠷ ᠨᠢ ᠲᠠᠩᠴᠢ ᠬᠠᠳ᠋ᠠᠭᠣ ᠶᠣᠮ
ᠬᠦᠯ ᠡᠪᠡᠳ᠋ᠦᠬᠡᠳ ᠭᠣᠷᠢ ᠦᠬᠡᠢ ᠃
ᠬᠠᠷᠢ ᠬᠡᠯᠡᠳ᠋ᠡᠨ ᠣᠯᠠᠨ ᠶᠣᠮ
ᠬᠠᠮᠢ᠍ᠭᠠᠰᠢ ᠪᠠᠨ ᠶᠠᠪᠣᠬᠣ ᠪᠡᠨ ᠮᠡᠳ᠋ᠡᠬᠦ ᠦᠬᠡᠢ
ᠬᠠᠯᠳ᠋ᠣ ᠯᠠ ᠬᠡᠪᠡᠯ < ᠵᠣᠭᠣᠰ ᠂ ᠵᠣᠭᠣᠰ > ᠬᠡᠳ
ᠬᠠᠩᠰᠢ ᠦᠨ᠎ᠡ ᠨᠢ ᠲᠡᠩᠳ᠋ᠡᠬᠦᠦ ᠶᠣᠮ ᠂ ᠂ ᠂ ᠂ 》
《 ᠬᠣᠶᠠᠭᠣᠯᠠ ᠪᠡᠨ ᠬᠠᠮᠳ᠋ᠣ ᠪᠠᠢᠪᠠᠯ ᠡᠵᠢ ᠡ
ᠬᠣᠨᠣᠭ ᠲᠣᠭᠠᠯᠠᠵᠣ ᠬᠦᠯᠢ᠍ᠶᠡᠬᠦ ᠦᠬᠡᠢ ᠪᠢᠰᠢ᠍ᠦ ᠂
ᠬᠦᠳ᠋ᠦᠯ ᠰᠡᠳ᠋ᠡᠷᠡᠳ᠋ᠡᠯ᠎ᠡ ᠬᠠᠷᠠᠭᠣᠯᠳ᠋ᠠᠬᠣ ᠦᠬᠡᠢ ᠪᠢᠰᠢ᠍ᠦ ᠃
ᠬᠦᠦ ᠴᠢᠨᠢ ᠂ ᠲᠠᠨ ᠢ ᠣᠴᠢ᠍ᠯ᠎ᠠ ᠬᠡᠳ
ᠰᠢ᠍ᠬᠦᠳ᠋ᠡᠷᠢ ᠲᠡᠬᠦᠵᠦ ᠴᠠᠢ ᠴᠢ᠍ᠨᠠᠬᠣ ᠪᠢᠰᠢ ᠳ᠋ᠡ ᠂
ᠰᠦ᠋ᠨᠢ ᠪᠣᠰᠴᠣ ᠬᠦᠯ ᠢ ᠴᠢᠨᠢ ᠬᠣᠴᠢ᠍ᠬᠣ ᠪᠢᠰᠢ ᠳ᠋ᠡ ᠃
ᠵᠦ᠋ᠢ᠍ᠯ ᠢᠶᠡᠷ ᠵᠠᠷᠣᠵᠣ ᠂ ᠵᠦ᠋ᠳ᠋ᠡᠷᠬᠡᠵᠣ ᠶᠠᠳ᠋ᠠᠷᠭᠠᠬᠣ ᠪᠢᠰᠢ ᠳ᠋ᠡ ᠂
ᠵᠦ᠋ᠬᠡᠷ ᠰᠠᠭᠣᠯᠭᠠᠵᠣ ᠵᠦ᠋ᠪᠬᠡᠨ ᠵᠢᠷᠭᠠᠭᠣᠯᠠᠶ᠎ᠠ ᠬᠡᠰᠡᠨ ᠶᠣᠮ ᠡ ᠃ 》
《 ᠠᠭᠳ᠋ᠣᠢᠵᠣ ᠰᠠᠭᠣᠭᠠᠳ ᠵᠢᠷᠭᠠᠳ᠋ᠠᠭ ᠪᠢᠰᠢ
ᠠᠵᠢ᠍ᠯ ᠬᠢᠵᠦ ᠪᠠᠢᠮᠠᠨ ᠵᠢᠷᠭᠠᠳ᠋ᠠᠭ ᠶᠣᠮ ᠡᠵᠢ ᠴᠢᠨᠢ
ᠠᠯᠳ᠋ᠠᠳ᠋ᠠᠨ ᠠᠮᠳ᠋ᠠᠳ᠋ᠠᠨ ᠢ ᠡᠳ᠋ᠯᠡᠵᠦ ᠵᠢᠷᠭᠠᠳ᠋ᠠᠭ ᠦᠬᠡᠢ
ᠠᠷᠭᠠᠯ ᠬᠣᠷᠮᠣᠢᠯᠠᠵᠣ ᠲᠦ᠋ᠯᠡᠬᠡ ᠲᠡᠬᠦᠵᠦ ᠵᠢᠷᠭᠠᠳ᠋ᠠᠭ ᠶᠣᠮ ᠃
ᠬᠦᠭ᠍ᠰᠢ᠍ᠨ ᠪᠣᠭᠣᠷᠣᠯ ᠡᠵᠢ ᠴᠢᠨᠢ ᠪᠢ
ᠬᠦᠦ ᠪᠡᠨ ᠬᠦᠯᠢ᠍ᠶᠡᠵᠣ ᠵᠢᠷᠭᠠᠳ᠋ᠠᠭ ᠶᠣᠮ ᠂
ᠬᠦᠬᠡᠷᠦᠬᠦᠯᠦᠭ᠍ᠰᠡᠨ ᠦᠷᠦᠮ᠎ᠡ ᠂ ᠬᠣᠷᠣᠳ ᠲᠣᠰᠣ ᠪᠡᠨ
ᠬᠦᠮᠦᠨ ᠳ᠋ᠣ ᠠᠮᠠᠰᠠᠭᠣᠯᠵᠣ ᠵᠢᠷᠭᠠᠳ᠋ᠠᠭ ᠶᠣᠮ ᠃
ᠮᠠᠨᠣᠣᠯ ᠰᠢ᠍ᠭ ᠪᠠᠢᠵᠣ ᠵᠢᠷᠭᠠᠳ᠋ᠠᠭ ᠦᠬᠡᠢ
ᠮᠠᠩᠬ᠎ᠠ ᠲᠠᠪᠠᠵᠣ ᠂ ᠬᠦᠳ᠋ᠦᠯ ᠰᠠᠷᠠᠪᠴᠢ᠍ᠯᠠᠨ
ᠮᠠᠯ ᠳ᠋ᠣ ᠶᠠᠪᠣᠵᠣ ᠂ ᠲᠣᠭᠣᠯ ᠦᠬᠦᠬᠡᠷᠳ᠋ᠡᠨ
ᠮᠠᠰᠢ᠍ᠨ ᠦ ᠲᠠᠭᠣ ᠴᠢ᠍ᠩᠨ᠋ᠠᠵᠣ ᠵᠢᠷᠭᠠᠳ᠋ᠠᠭ ᠶᠣᠮ ᠃
ᠠᠷᠭᠠᠯ ᠤᠨ ᠣᠳ᠋ᠣᠭ᠎ᠠ ᠪᠠᠨ ᠦᠨᠦᠷᠳ᠋ᠡᠵᠣ
ᠠᠳ᠋ᠣᠭᠣ ᠮᠠᠯ ᠢᠶᠡᠨ ᠬᠠᠷᠠᠵᠣ ᠵᠢᠷᠭᠠᠳ᠋ᠠᠭ ᠶᠣᠮ ᠂
ᠠᠢᠷᠠᠭ ᠰᠦ᠋ ᠪᠡᠨ ᠠᠮᠠᠰᠠᠵᠣ
ᠠᠢᠯ ᠠᠢᠮᠠᠭ ᠲᠡᠢ ᠪᠠᠨ ᠪᠠᠢᠵᠣ ᠵᠢᠷᠭᠠᠳ᠋ᠠᠭ ᠵᠣᠮ ᠃
ᠬᠦᠭ᠍ᠰᠢ᠍ᠨ ᠬᠦᠮᠦᠨ ᠬᠦᠳ᠋ᠦᠰ ᠪᠠᠢᠳ᠋ᠠᠭ ᠵᠣᠮ ᠂
ᠬᠦᠯ ᠭᠠᠷ ᠴᠣ ᠬᠣᠵᠢ᠍ᠳ ᠪᠣᠯᠣᠭᠰᠠᠨ ᠶᠣᠮ ᠃
ᠵᠦ᠋ᠬᠡᠷ ᠰᠠᠭᠣᠵᠣ ᠪᠡᠶ᠎ᠡ ᠠᠮᠠᠷᠠᠪᠠᠴᠣ
ᠵᠢᠷᠦᠬᠡ ᠰᠡᠳᠬᠢᠯ ᠠᠮᠠᠷᠠᠬᠣ ᠦᠬᠡᠢ ᠶᠣᠮ ᠂
ᠲᠣᠰᠠ ᠪᠣᠯᠵᠣ ᠶᠠᠭᠣᠬᠠᠨ ᠪᠠᠢᠬᠣᠪ
ᠲᠠᠷᠣᠭᠠᠰᠣ ᠪᠢᠳ᠋ᠡᠬᠡᠢ ᠪᠣᠯᠣᠶ᠎ᠠ ᠬᠡᠮ ᠡᠵᠢ ᠨᠢ ᠃
ᠬᠦᠦ ᠮᠢᠨᠢ ᠰᠠᠢᠨ ᠶᠠᠪᠣᠵᠣ ᠯᠠ ᠪᠠᠢᠪᠠᠯ
ᠬᠦᠭ᠍ᠰᠢ᠍ᠨ ᠡᠵᠢ ᠴᠢᠨᠢ ᠬᠡᠨ ᠡᠴᠡ ᠴᠣ ᠵᠢᠷᠭᠠᠯ ᠲᠡᠢ ᠂
ᠪᠠᠢᠨ ᠪᠠᠢᠨ ᠳ᠋ᠣ ᠪᠡᠨ ᠡᠷᠬᠢᠵᠦ ᠪᠠᠢᠪᠠᠯ
ᠪᠠᠶᠠᠷ ᠵᠢᠷᠭᠠᠯ ᠤᠨ ᠮᠠᠩᠯᠠᠢ ᠲᠡᠬᠡᠳ᠋ᠣ ᠂ ᠂ ᠂ ᠂ 》
《 ᠬᠦᠮᠦᠨ ᠬᠦᠮᠦᠨ ᠦ ᠡᠵᠢ ᠲᠡᠢ ᠲᠠᠭᠠᠷᠠᠳ᠋ᠠᠭ ᠦᠬᠡᠢ
ᠬᠡᠳ᠋ᠦ ᠵᠦ᠋ᠷᠢ᠍ᠬᠦᠳ ᠡᠵᠢ ᠮᠢᠨᠢ ᠳ᠋ᠡ ᠂ ᠂ ᠂ ᠂ 》
《 ᠲᠠᠬᠢᠭᠠᠳ ᠢᠷᠡᠬᠦ ᠳ᠋ᠣ ᠪᠡᠨ
ᠣᠮᠪᠣᠯᠣ ᠶᠢ ᠮᠢᠨᠢ ᠠᠪᠴᠢ᠍ᠷᠠ ᠡ ︕
ᠰᠦ᠋ ᠢᠳ᠋ᠡᠵᠦ ᠶᠠᠰᠦ ᠨᠢ ᠴᠢ᠍ᠩᠭᠠᠷᠠᠭ ᠂
ᠰᠦ᠋ᠷᠦᠭ᠌ ᠲᠠᠭᠠᠵᠣ ᠣᠬᠠᠭᠠᠨ ᠨᠢ ᠨᠡᠮᠡᠭ᠍ᠳ᠋ᠡᠭ᠌ ︕
ᠬᠣᠮᠣᠯ ᠂ ᠬᠣᠷᠭᠣᠤᠯ ᠂ ᠠᠷᠭᠠᠯ ᠢ ᠲᠠᠨᠢ᠍ᠭᠣᠯᠣᠶ᠎ᠠ
ᠬᠣᠷᠠᠭ᠎ᠠ ᠂ ᠲᠣᠭᠣᠯ ᠂ ᠢᠰᠢ᠍ᠬᠡ ᠶᠢ ᠵᠢᠰᠦᠯᠡᠬᠦᠯᠦᠶ᠎ᠡ
ᠬᠣᠷᠣᠳ ᠂ ᠵᠦ᠋ᠬᠡᠬᠡᠢ ᠂ ᠲᠣᠰᠣ ᠶᠢ ᠠᠮᠳ᠋ᠠᠯᠠᠭᠣᠯᠣᠶ᠎ᠠ
ᠬᠣᠳᠳ᠋ᠣᠭ ᠂ ᠱᠠᠩᠳ᠋ᠠ ᠂ ᠪᠦᠷᠢ᠍ᠳ᠋ᠣ ᠶᠢ ᠢᠯᠭᠠᠭᠣᠯᠣᠶ᠎ᠠ ᠂
ᠮᠠᠯᠵᠢ᠍ᠬᠣ ᠠᠮᠢ᠍ᠳ᠋ᠣᠷᠠᠯ ᠳ᠋ᠣᠨᠢ ᠵᠢᠭᠠᠬᠠᠨ ᠣᠢᠷᠠᠳ᠋ᠣᠭᠣᠯᠣᠶ᠎ᠠ
ᠮᠠᠨ ᠦ ᠬᠢ ᠬᠡᠳ᠋ᠡᠭ᠌ ᠢᠶᠡᠨ ᠮᠡᠳ᠋ᠡᠵᠦ ᠠᠪᠣᠭ ︕
ᠣᠢᠷ᠎ᠠ ᠲᠦ᠋ᠷᠦᠯ ᠢᠶᠡᠨ ᠲᠠᠨᠢ᠍ᠵᠣ ᠠᠪᠣᠭ ︕
ᠣᠷᠣᠰᠣᠮ᠎ᠠ ᠮᠣᠩᠭᠣᠯ ᠢᠶᠡᠷ ᠬᠡᠯᠡᠵᠣ ᠰᠣᠷᠣᠭ ︕
ᠠᠪᠣ ᠶᠢᠨ ᠨᠣᠳ᠋ᠣᠭ ᠢᠶᠡᠨ ᠠᠩᠬᠠᠷᠴᠣ ᠠᠪᠣᠭ ᠂
ᠠᠯᠳ᠋ᠠᠨ ᠰᠢ᠍ᠷᠣᠢ ᠪᠡᠨ ᠦᠨᠦᠷᠯᠡᠵᠦ ᠦᠵᠡᠭ᠌ ᠡ ︕ 》

ᠡᠮᠦᠨᠡᠬᠢ ᠵᠣᠬᠢᠶᠠᠯᠮᠣᠩᠭᠤᠯ ᠬᠡᠯᠡ
ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )