ᠰᠣᠶᠤᠯ ᠡᠷᠳᠡᠨᠢ ᠰᠤᠷᠭᠠᠭᠤᠯᠢ ᠶᠢᠨ ᠲᠡᠤᠬᠡ
ᠵᠢᠭᠠᠵᠤ ᠴᠢᠳᠠᠬᠤ ᠪᠠ ᠴᠢᠳᠠᠬᠤ ᠦᠭᠡᠢ ᠪᠠᠭᠰᠢ ᠵᠢᠨ 32 ᠲᠠᠯ᠎ᠠ ᠶᠢᠨ ᠵᠥᠷᠢᠶ᠎ᠡ
2016.07.06 ᠲᠣᠰ ᠥᠷᠲᠡᠭᠡᠨ ᠦ ᠨᠠᠢᠷᠠᠭᠤᠯᠤᠭᠴᠢ

    ᠰᠢᠨ᠎ᠡ ᠬᠢᠴᠢᠶᠡᠯ ᠤᠨ ᠪᠠᠷᠢᠮᠵᠢᠶᠠᠨ ᠤ ᠥᠭᠡᠷᠡᠴᠢᠯᠡᠯᠲᠡ ᠵᠢᠨ ᠶᠠᠪᠤᠴᠠ ᠳᠤ ᠪᠠᠭᠰᠢ ᠨᠡᠷ ᠵᠢᠭᠠᠬᠤ ᠠᠷᠭ᠎ᠠ ᠪᠠᠨ ᠬᠡᠷᠬᠢᠨ ᠰᠤᠳᠤᠯᠵᠤ ᠵᠢᠭᠠᠨ ᠰᠤᠷᠭᠠᠯᠲᠠ ᠶᠢᠨ ᠶᠠᠰᠤ ᠴᠢᠨᠠᠷ ᠢᠶᠡᠨ ᠤᠯᠠᠮ ᠢᠶᠡᠷ ᠴᠢᠨᠠᠷᠵᠢᠭᠤᠯᠬᠤ ᠪᠣᠯ ᠣᠳᠣᠬᠢ ᠬᠢᠴᠢᠶᠡᠯᠯᠡᠭᠡ ᠶᠢᠨ ᠦᠬᠡᠷᠡᠴᠢᠯᠠᠯᠳᠠ ᠶᠢᠨ ᠲᠤᠯᠭᠠᠮ᠎ᠠ ᠱᠠᠭᠠᠷᠳᠠᠯᠭ᠎ᠠ ᠪᠣᠯᠤᠭᠠᠳ ᠪᠠᠢᠨ᠎ᠠ ᠃ ᠡᠢᠨ ᠬᠦ ᠲᠤᠰ ᠠᠭᠤᠯᠭ᠎ᠠ ᠵᠢ ᠰᠦᠯᠵᠢᠶᠡᠨ ᠡᠴᠡ ᠪᠠᠭᠤᠯᠭᠠᠵᠤ ᠵᠢᠭᠠᠨ ᠰᠤᠷᠭᠠᠯᠲᠠ ᠶᠢᠨ ᠡᠮᠦᠨ᠎ᠡ ᠹᠷᠣᠨᠲ ᠳᠤ ᠭᠠᠪᠰᠢᠭᠠᠢᠯᠠᠵᠤ ᠪᠠᠢᠭ᠎ᠠ ᠪᠠᠭᠰᠢ ᠨᠠᠷ ᠲᠤ ᠪᠠᠨ ᠪᠠᠭ᠎ᠠ ᠴᠦ ᠭᠡᠰᠡᠨ ᠳᠡᠮᠵᠢᠯᠭᠡ ᠪᠣᠯᠭᠠᠬᠤ ᠶᠢ ᠬᠦᠰᠠᠵᠤ ᠣᠷᠴᠢᠭᠤᠯᠤᠨ ᠨᠡᠢᠲᠡᠯᠡᠪᠡ ᠃ ᠲᠠᠭᠠᠯᠠᠨ ᠪᠤᠯᠭᠤᠭᠠᠮᠤ ︕

    1. ᠵᠢᠭᠠᠵᠤ ᠴᠢᠳᠠᠬᠤ ᠪᠠᠭᠰᠢ ᠪᠣᠯ ᠪᠤᠳᠤᠯᠢᠶᠠᠨᠲᠠᠢ ᠬᠢᠴᠢᠶᠡᠯ ᠢ ᠬᠢᠯᠪᠠᠷᠬᠠᠨ ᠪᠣᠯᠭᠠᠵᠤ ᠴᠢᠳᠠᠨ᠎ᠠ ᠂ ᠴᠢᠳᠠᠬᠤ ᠦᠭᠡᠢ ᠪᠠᠭᠰᠢ ᠪᠣᠯ ᠬᠢᠯᠪᠠᠷᠬᠠᠨ ᠮᠡᠳᠡᠯᠭᠡ ᠵᠢ ᠪᠤᠳᠤᠯᠢᠶᠠᠨᠲᠠᠢ ᠪᠣᠯᠭᠠᠵᠤ ᠬᠤᠪᠢᠷᠭᠠᠳᠠᠭ ᠃

    2. ᠵᠢᠭᠠᠵᠤ ᠴᠢᠳᠠᠬᠤ ᠪᠠᠭᠰᠢ ᠪᠣᠯ ᠬᠦᠴᠢᠷ ᠮᠡᠳᠡᠯᠭᠡ ᠵᠢ ᠳᠥᠭᠦᠮ ᠬᠢᠯᠪᠠᠷᠬᠠᠨ ᠪᠣᠯᠭᠠᠨ᠎ᠠ ᠂ ᠴᠢᠳᠠᠬᠤ ᠦᠭᠡᠢ ᠪᠠᠭᠰᠢ ᠪᠣᠯ ᠬᠢᠯᠪᠠᠷᠬᠠᠨ ᠮᠡᠳᠡᠯᠭᠡ ᠵᠢ ᠬᠦᠴᠢᠷ ᠲᠦᠪᠡᠭ ᠲᠠᠢ ᠪᠣᠯᠭᠠᠴᠢᠬᠠᠳᠠᠭ ᠃

    3. ᠵᠢᠭᠠᠵᠤ ᠴᠢᠳᠠᠬᠤ ᠪᠠᠭᠰᠢ ᠪᠣᠯ ᠬᠢᠴᠢᠶᠡᠯᠯᠡᠭᠡ ᠳᠦ ᠰᠤᠷᠤᠭᠴᠢ ᠪᠠᠨ ᠳᠠᠭᠠᠵᠤ ᠶᠠᠪᠤᠳᠠᠭ ᠂ ᠴᠢᠳᠠᠬᠤ ᠦᠭᠡᠢ ᠪᠠᠭᠰᠢ ᠪᠣᠯ ᠬᠢᠴᠢᠶᠡᠯᠯᠡᠭᠡ ᠳᠤ ᠦᠷᠭᠦᠯᠵᠢ ᠰᠤᠷᠤᠭᠴᠢ ᠪᠠᠨ ᠳᠠᠭᠠᠲᠤᠭᠠᠢ ᠭᠡᠵᠦ ᠱᠠᠭᠠᠷᠳᠠᠳᠠᠭ ᠃

    4. ᠵᠢᠭᠠᠵᠤ ᠴᠢᠳᠠᠬᠤ ᠪᠠᠭᠰᠢ ᠪᠣᠯ ᠥᠪᠡᠷ ᠢᠶᠡᠨ ᠴᠢᠯᠤᠬᠡᠳᠡᠢ ᠰᠤᠷᠤᠭᠴᠢ ᠪᠡᠨ ᠶᠠᠭᠠᠷᠠᠯᠲᠠᠢ ᠪᠣᠯᠭᠠᠳᠠᠭ ᠂ ᠴᠢᠳᠠᠬᠤ ᠦᠭᠡᠢ ᠪᠠᠭᠰᠢ ᠶᠢᠨ ᠰᠤᠷᠤᠭᠴᠢᠳ ᠨᠢ ᠰᠠᠪ ᠰᠡᠯᠡᠭᠦᠦ ᠂ ᠪᠠᠭᠰᠢ ᠨᠢ ᠶᠠᠪ ᠶᠠᠭᠠᠷᠠᠤ ᠪᠠᠢᠳᠠᠭ ᠃

    5. ᠵᠢᠭᠠᠵᠤ ᠴᠢᠳᠠᠬᠤ ᠪᠠᠭᠰᠢ ᠪᠣᠯ ᠰᠤᠷᠤᠭᠴᠢᠳ ᠤᠨ ᠢᠶᠡᠨ ᠥᠪᠡᠷᠮᠢᠴᠡ ᠣᠢᠯᠠᠭᠠᠯᠲᠠ ᠵᠢ ᠰᠣᠨᠤᠰᠬᠤ ᠵᠢ ᠬᠦᠰᠡᠮᠵᠢᠯᠡᠳᠡᠭ ᠂ ᠴᠢᠳᠠᠬᠤ ᠦᠭᠡᠢ ᠪᠠᠭᠰᠢ ᠪᠣᠯ ᠰᠤᠷᠤᠭᠴᠢ ᠶᠢᠨ ᠬᠠᠷᠢᠭᠤᠯᠲᠠ ᠨᠢ ᠲᠦᠰᠦᠪᠯᠡᠭᠰᠡᠨ ᠲᠠᠢ ᠨᠢ ᠠᠳᠠᠯᠢ ᠦᠭᠡᠢ ᠪᠣᠯᠬᠤ ᠡᠴᠡ ᠠᠶᠤᠳᠠᠭ ᠃

    6. ᠵᠢᠭᠠᠵᠤ ᠴᠢᠳᠠᠬᠤ ᠪᠠᠭᠰᠢ ᠪᠣᠯ ᠰᠤᠷᠤᠭᠴᠢ ᠵᠢᠨ ᠪᠤᠷᠤᠭᠤ ᠬᠠᠷᠢᠭᠤᠯᠲᠠ ᠡᠴᠡ ᠠᠶᠤᠳᠠᠭ ᠦᠭᠡᠢ ᠂ ᠴᠢᠳᠠᠬᠤ ᠦᠭᠡᠢ ᠪᠠᠭᠰᠢ ᠪᠣᠯ ᠰᠤᠷᠤᠭᠴᠢ ᠶᠢᠨ ᠪᠤᠷᠤᠭᠤ ᠬᠠᠷᠢᠭᠤᠯᠬᠤ ᠡᠴᠡ ᠯᠠ ᠠᠶᠤᠳᠠᠭ ᠃

    7. ᠵᠢᠭᠠᠵᠤ ᠴᠢᠳᠠᠬᠤ ᠪᠠᠭᠰᠢ ᠪᠣᠯ 《 ᠡᠨᠡ ᠲᠤᠬᠠᠢ ᠥᠪᠡᠷ ᠤᠨ ᠣᠢᠯᠠᠭᠠᠯᠲᠠ ᠪᠠᠨ ᠶᠠᠷᠢᠵᠤ ᠦᠵᠡᠨ᠎ᠡ ᠤᠤ ? 》 ᠭᠡᠬᠦ ᠳᠤᠷᠠᠲᠠᠢ ᠂ ᠴᠢᠳᠠᠬᠤ ᠦᠭᠡᠢ ᠪᠠᠭᠰᠢ ᠪᠣᠯ ᠬᠡᠵᠢᠶᠡᠳᠡ 《ᠬᠡᠨ ᠬᠠᠷᠢᠭᠤᠯᠤᠨ᠎ᠠ ᠪᠤᠢ ? 》ᠭᠡᠵᠦ ᠬᠡᠯᠡᠳᠡᠭ ᠃

    8. ᠵᠢᠭᠠᠵᠤ ᠴᠢᠳᠠᠬᠤ ᠪᠠᠭᠰᠢ ᠪᠣᠯ ᠰᠤᠷᠤᠭᠴᠢ ᠨᠣᠮ ᠢᠶᠡᠨ ᠤᠩᠰᠢᠵᠤ ᠢᠯᠡᠷᠡᠭᠦᠯᠬᠦ ᠪᠠ ᠳ᠋ᠦᠩᠨᠡᠵᠦ ᠬᠤᠷᠢᠶᠠᠩᠭᠤᠢᠯᠠᠬᠤ ᠵᠢ ᠱᠠᠭᠠᠷᠳᠠᠳᠠᠭ ᠂ ᠴᠢᠳᠠᠬᠤ ᠦᠭᠡᠢ ᠪᠠᠭᠰᠢ ᠪᠣᠯ ᠪᠦᠬᠦ ᠬᠠᠷᠢᠭᠤᠯᠲᠠ ᠵᠢ ᠰᠤᠷᠤᠭᠴᠢ ᠳᠤ ᠪᠠᠨ ᠬᠦᠷᠭᠡᠵᠦ ᠥᠭᠳᠡᠭ ᠃

    9. ᠵᠢᠭᠠᠵᠤ ᠴᠢᠳᠠᠬᠤ ᠪᠠᠭᠰᠢ ᠪᠣᠯ ᠲᠠᠩᠳᠠ ᠰᠤᠷᠤᠭᠴᠢᠳ ᠢᠶᠡᠨ ᠪᠣᠳᠤᠳᠠᠭ ᠂ ᠴᠢᠳᠠᠬᠤ ᠦᠭᠡᠢ ᠪᠠᠭᠰᠢ ᠪᠣᠯ ᠭᠠᠭᠴᠠᠬᠠᠨ ᠬᠢᠴᠢᠶᠡᠯ ᠤᠨ ᠪᠡᠯᠡᠳᠭᠡᠯ ᠢᠶᠡᠨ ᠪᠣᠳᠤᠳᠠᠭ ᠃

    10. ᠵᠢᠭᠠᠵᠤ ᠴᠢᠳᠠᠬᠤ ᠪᠠᠭᠰᠢ ᠪᠣᠯ ᠪᠣᠯᠤᠮᠵᠢ ᠶᠢᠨ ᠴᠠᠭ ᠢ ᠰᠤᠷᠤᠭᠴᠢᠳ ᠲᠦ ᠪᠠᠨ ᠥᠭᠳᠡᠭ ᠂ ᠴᠢᠳᠠᠬᠤ ᠦᠭᠡᠢ ᠪᠠᠭᠰᠢ ᠪᠣᠯ ᠠᠮᠠ ᠬᠠᠮᠬᠢᠯ ᠦᠭᠡᠢ ᠶᠠᠪᠰᠢᠬᠤ ᠳᠤᠷᠠᠲᠠᠢ ᠃

    11. ᠵᠢᠭᠠᠵᠤ ᠴᠢᠳᠠᠬᠤ ᠪᠠᠭᠰᠢ ᠪᠣᠯ ᠰᠤᠷᠤᠭᠴᠢ ᠶᠢᠨ ᠰᠡᠵᠢᠭᠯᠡᠬᠦ ᠪᠠ ᠬᠦᠴᠢᠷ ᠠᠰᠠᠭᠤᠯᠲᠠ ᠳᠤᠷᠠᠳᠬᠤ ᠶᠢ ᠵᠣᠷᠢᠭᠲᠠᠢ ᠳᠠᠮᠵᠢᠨ᠎ᠠ ᠂ ᠴᠢᠳᠠᠬᠤ ᠦᠭᠡᠢ ᠪᠠᠭᠰᠢ ᠪᠣᠯ ᠰᠤᠷᠤᠭᠴᠢ ᠬᠢᠴᠢᠶᠡᠯ ᠳᠡᠭᠡᠷ᠎ᠡ 《ᠰᠠᠯᠠᠭ᠎ᠠ ᠨᠠᠮᠠᠭ᠎ᠠ ᠭᠠᠷᠭᠠᠬᠤ 》 ᠡᠴᠡ ᠯᠠ ᠠᠶᠤᠳᠠᠭ ᠃

    12. ᠵᠢᠭᠠᠵᠤ ᠴᠢᠳᠠᠬᠤ ᠪᠠᠭᠰᠢ ᠪᠣᠯ ᠰᠤᠷᠤᠭᠴᠢᠳ ᠤᠨ ᠰᠡᠳᠭᠢᠬᠦ ᠠᠷᠭ᠎ᠠ ᠵᠢ ᠠᠩᠬᠠᠷᠤᠨ᠎ᠠ ᠂ ᠴᠢᠳᠠᠬᠤ ᠦᠭᠡᠢ ᠪᠠᠭᠰᠢ ᠪᠣᠯ ᠵᠥᠪᠬᠡᠨ 《 ᠰᠤᠷᠤᠭᠴᠢ ᠡᠵᠡᠮᠰᠢᠭᠰᠡᠨ ᠡᠰᠡᠬᠦ 》ᠵᠢ ᠠᠩᠬᠠᠷᠤᠨ᠎ᠠ ᠃

    13. ᠵᠢᠭᠠᠵᠤ ᠴᠢᠳᠠᠬᠤ ᠪᠠᠭᠰᠢ ᠪᠣᠯ ᠰᠤᠷᠤᠭᠴᠢᠳ ᠤᠨ ᠪᠠᠢᠭ᠎ᠠ ᠮᠡᠳᠡᠯᠭᠡ ᠵᠢᠨ ᠲᠦᠪᠰᠢᠨ ᠢ ᠬᠦᠨᠳᠤᠳᠭᠡᠵᠤ ᠨᠠᠨᠳᠢᠩᠨᠠᠨ᠎ᠠ ᠂ ᠴᠢᠳᠠᠬᠤ ᠦᠭᠡᠢ ᠪᠠᠭᠰᠢ ᠪᠣᠯ ᠰᠤᠷᠤᠭᠴᠢ ᠪᠠᠨ ᠲᠠᠩᠳᠠ ᠶᠠᠭᠤᠮ᠎ᠠ ᠮᠡᠳᠡᠬᠦ ᠦᠭᠡᠢ ᠭᠡᠵᠦ ᠦᠵᠡᠳᠡᠭ ᠪᠠᠢᠨ᠎ᠠ ᠃

    14. ᠵᠢᠭᠠᠵᠤ ᠴᠢᠳᠠᠬᠤ ᠪᠠᠭᠰᠢ ᠪᠣᠯ ᠰᠤᠷᠤᠭᠴᠢ ᠶᠢᠨ ᠠᠰᠠᠭᠤᠯᠲᠠ ᠳᠤ ᠬᠠᠨᠳᠤᠭᠰᠠᠨ ᠰᠡᠳᠭᠢᠬᠦᠢ ᠶᠢᠨ ᠦᠨ᠎ᠡ ᠥᠷᠲᠡᠭ ᠢ ᠴᠢᠬᠤᠯᠠᠴᠢᠯᠠᠨ᠎ᠠ ᠂ ᠴᠢᠳᠠᠬᠤ ᠦᠭᠡᠢ ᠪᠠᠭᠰᠢ ᠪᠣᠯ ᠰᠤᠷᠤᠭᠴᠢ ᠤᠪᠠᠢᠨ ᠳᠦ ᠦᠭᠡᠢ ᠬᠡᠯᠡᠵᠦ ᠭᠠᠷᠭᠠᠬᠤ ᠵᠢ ᠬᠦᠭᠡᠭᠡᠴᠡᠯᠳᠤᠨ᠎ᠡ ᠃

    15. ᠵᠢᠭᠠᠵᠤ ᠴᠢᠳᠠᠬᠤ ᠪᠠᠭᠰᠢ ᠪᠣᠯ ᠬᠢᠴᠢᠶᠡᠯ ᠤᠨ ᠳᠠᠷᠠᠭᠠᠬᠢ ᠡᠷᠭᠢᠴᠡᠭᠦᠯᠦᠯ ᠢᠶᠡᠨ ᠬᠢᠴᠢᠶᠡᠯᠯᠡᠭᠡ ᠵᠢᠨ ᠦᠷᠭᠦᠯᠵᠢᠯᠡᠯ ᠭᠡᠵᠦ ᠦᠵᠡᠳᠡᠭ ᠂ ᠴᠢᠳᠠᠬᠤ ᠦᠭᠡᠢ ᠪᠠᠭᠰᠢ ᠪᠣᠯ ᠵᠢᠭᠠᠭᠠᠳ ᠪᠠᠷᠠᠭᠰᠠᠭᠠᠷ 《 ᠲᠦᠮᠡᠨ ᠬᠡᠷᠡᠭ ᠲᠡᠭᠦᠰ ᠪᠣᠯᠪᠠ 》 ᠭᠡᠵᠦ ᠦᠵᠡᠳᠡᠭ ᠃

    16. ᠵᠢᠭᠠᠵᠤ ᠴᠢᠳᠠᠬᠤ ᠪᠠᠭᠰᠢ ᠪᠣᠯ ᠰᠤᠷᠤᠭᠴᠢᠳ ᠢᠶᠡᠨ ᠬᠢᠴᠢᠶᠡᠯ ᠲᠠᠢ ᠪᠠᠨ ᠬᠣᠯᠪᠤᠵᠤ ᠦᠵᠡᠯ ᠰᠠᠨᠠᠭ᠎ᠠ ᠪᠠᠨ ᠢᠯᠡᠳᠭᠡᠬᠦ ᠳᠤ ᠬᠦᠳᠦᠯᠳᠡᠭ ᠂ ᠴᠢᠳᠠᠬᠤ ᠦᠭᠡᠢ ᠪᠠᠭᠰᠢ ᠪᠣᠯ ᠰᠤᠷᠤᠭᠴᠢᠳ ᠤᠨ ᠢᠶᠡᠨ ᠬᠢᠴᠢᠶᠡᠯ ᠡᠴᠡ ᠣᠯᠤᠭᠰᠠᠨ ᠪᠡᠯᠡᠨ ᠬᠠᠷᠢᠭᠤᠯᠲᠠ ᠳᠤ ᠰᠡᠳᠭᠢᠯ ᠬᠠᠨᠳᠠᠭ ᠃

    17. ᠵᠢᠭᠠᠵᠤ ᠴᠢᠳᠠᠬᠤ ᠪᠠᠭᠰᠢ ᠪᠣᠯ ᠪᠠᠭᠰᠢ ᠶᠢᠨ ᠭᠠᠷᠭᠠᠭᠰᠠᠨ ᠮᠡᠳᠡᠯᠭᠡ ᠶᠢᠨ ᠴᠢᠨᠠᠷᠲᠠᠢ ᠡᠮᠵᠠᠭ ᠢ ᠰᠤᠷᠤᠭᠴᠢᠳ ᠮᠢᠨᠢ ᠢᠯᠡᠷᠡᠬᠦᠯᠳᠦᠬᠡᠢ ᠭᠡᠵᠦ ᠵᠣᠷᠢᠭᠵᠢᠭᠤᠯᠳᠠᠭ ᠂ ᠴᠢᠳᠠᠬᠤ ᠦᠭᠡᠢ ᠪᠠᠭᠰᠢ ᠪᠣᠯ ᠭᠠᠷᠭᠠᠭᠰᠠᠨ ᠪᠤᠷᠤᠭᠤ ᠪᠠᠨ ᠰᠠᠪ ᠰᠡᠮᠡᠭᠡᠷ ᠵᠠᠯᠠᠷᠠᠭᠤᠯᠳᠠᠭ ᠃

    18. ᠵᠢᠭᠠᠵᠤ ᠴᠢᠳᠠᠬᠤ ᠪᠠᠭᠰᠢ ᠪᠣᠯ ᠰᠤᠷᠤᠭᠴᠢ ᠳᠤ ᠥᠪᠡᠷ ᠢ ᠪᠡᠨ ᠢᠯᠡᠷᠡᠭᠦᠯᠬᠦ ᠲᠠᠪᠴᠠᠩ ᠬᠠᠩᠭᠠᠨ᠎ᠠ ᠂ ᠴᠢᠳᠠᠬᠤ ᠦᠭᠡᠢ ᠪᠠᠭᠰᠢ ᠪᠣᠯ ᠰᠤᠷᠤᠭᠴᠢ ᠳᠤ ᠠᠷᠭ᠎ᠠ ᠪᠦᠬᠦᠨ ᠢ ᠰᠦᠪᠡᠭᠴᠢᠯᠠᠵᠤ ᠪᠠᠭᠰᠢ ᠲᠠᠢ ᠪᠠᠨ ᠬᠠᠮᠵᠢᠯᠴᠠᠬᠤ ᠶᠢ ᠯᠠ ᠵᠢᠭᠠᠨ᠎ᠠ ᠃

    19. ᠵᠢᠭᠠᠵᠤ ᠴᠢᠳᠠᠬᠤ ᠪᠠᠭᠰᠢ ᠪᠣᠯ ᠦᠷᠭᠦᠯᠵᠢ ᠴᠢᠳᠠᠬᠤ ᠪᠠᠢᠲᠠᠯ᠎ᠠ ᠪᠠᠨ ᠴᠢᠳᠠᠬᠤ ᠦᠭᠡᠢ ᠪᠠᠷ ᠣᠪᠯᠠᠳᠠᠭ ᠂ ᠴᠢᠳᠠᠬᠤ ᠦᠭᠡᠢ ᠪᠠᠭᠰᠢ ᠪᠣᠯ ᠮᠡᠳᠡᠬᠦ ᠦᠭᠡᠢ ᠪᠠᠢᠲᠠᠯ᠎ᠠ ᠪᠠᠨ ᠮᠡᠳᠡᠳᠡᠭ ᠢᠶᠡᠷ ᠣᠪᠯᠠᠳᠠᠭ ᠃

    20. ᠵᠢᠭᠠᠵᠤ ᠴᠢᠳᠠᠬᠤ ᠪᠠᠭᠰᠢ ᠪᠣᠯ ᠭᠣᠣᠯᠳᠠᠯᠭ᠎ᠠ ᠵᠢ ᠠᠳᠭᠤᠨ ᠵᠠᠩᠭᠢᠯᠠᠭ᠎ᠠ ᠶᠢ ᠲᠣᠪᠤᠢᠯᠭᠠᠵᠤ ᠴᠢᠳᠠᠳᠠᠭ ᠂ ᠴᠢᠳᠠᠬᠤ ᠦᠭᠡᠢ ᠪᠠᠭᠰᠢ ᠪᠣᠯ ᠲᠠᠯ᠎ᠠ ᠲᠠᠯ᠎ᠠ ᠶᠢ ᠪᠠᠭᠲᠠᠭᠠᠵᠤ ᠲᠠᠯᠠᠭᠠᠷ ᠵᠦᠢᠯ ᠡᠴᠡ ᠰᠠᠯᠵᠤ ᠴᠢᠳᠠᠳᠠᠭ ᠦᠭᠡᠢ ᠃

    21. ᠵᠢᠭᠠᠵᠤ ᠴᠢᠳᠠᠬᠤ ᠪᠠᠭᠰᠢ ᠪᠣᠯ ᠰᠠᠢᠨ ᠰᠠᠢᠬᠠᠨ ᠳᠠᠳᠭᠠᠯ ᠪᠠ ᠠᠷᠭ᠎ᠠ ᠶᠢ ᠵᠢᠭᠠᠳᠠᠭ ᠂ ᠴᠢᠳᠠᠬᠤ ᠦᠭᠡᠢ ᠪᠠᠭᠰᠢ ᠪᠣᠯ ᠮᠡᠳᠡᠯᠭᠡ ᠪᠠ ᠬᠠᠷᠢᠭᠤᠯᠲᠠ ᠬᠣᠶᠠᠷ ᠢ ᠵᠢᠭᠠᠳᠠᠭ ᠃

    22. ᠵᠢᠭᠠᠵᠤ ᠴᠢᠳᠠᠬᠤ ᠪᠠᠭᠰᠢ ᠪᠣᠯ ᠥᠪᠡᠷᠮᠢᠴᠡ ᠨᠠᠮᠪᠠ ᠪᠠᠨ ᠢᠯᠡᠷᠡᠭᠦᠯᠵᠦ ᠴᠢᠳᠠᠨ᠎ᠠ ᠂ ᠴᠢᠳᠠᠬᠤ ᠦᠭᠡᠢ ᠪᠠᠭᠰᠢ ᠪᠣᠯ ᠶᠠᠭᠤ ᠪᠦᠬᠦᠨ ᠳᠤ ᠪᠤᠰᠤᠳ ᠢ ᠳᠠᠭᠤᠷᠢᠶᠠᠬᠤ ᠪᠠᠷ ᠤᠷᠤᠯᠳᠤᠨ᠎ᠠ ᠃

    23. ᠵᠢᠭᠠᠵᠤ ᠴᠢᠳᠠᠬᠤ ᠪᠠᠭᠰᠢ ᠶᠢᠨ ᠰᠡᠳᠭᠢᠴᠡ ᠨᠢ ᠢᠯᠭᠤᠮ ᠲᠣᠳᠤᠷᠬᠠᠢ ᠂ ᠴᠢᠳᠠᠬᠤ ᠦᠭᠡᠢ ᠪᠠᠭᠰᠢ ᠪᠣᠯ ᠰᠤᠷᠤᠭᠴᠢᠳ ᠢᠶᠡᠨ ᠳᠠᠭᠠᠭᠤᠯᠵᠤ ᠣᠨᠢᠰᠤᠭᠠᠨ ᠵᠢᠭᠰᠠᠭᠠᠯ ᠢᠶᠡᠷ ᠲᠤᠭᠤᠷᠢᠨ᠎ᠡ ᠃

    24. ᠵᠢᠭᠠᠵᠤ ᠴᠢᠳᠠᠬᠤ ᠪᠠᠭᠰᠢ ᠪᠣᠯ ᠰᠢᠯᠢᠳᠡᠭ ᠵᠢᠭᠠᠬᠤ ᠠᠷᠭ᠎ᠠ ᠵᠢᠨ ᠦᠵᠡᠯ ᠰᠠᠨᠠᠭᠠᠨ ᠤ ᠣᠬᠢ ᠵᠢ ᠰᠢᠩᠭᠡᠭᠡᠵᠦ ᠬᠢᠴᠢᠶᠡᠯᠯᠡᠭᠡ ᠳᠦ ᠠᠮᠢᠳᠤᠯᠢᠭ ᠢᠶᠠᠷ ᠬᠡᠷᠡᠭᠯᠡᠳᠡᠭ ᠂ ᠴᠢᠳᠠᠬᠤ ᠦᠭᠡᠢ ᠪᠠᠭᠰᠢ ᠪᠣᠯ ᠰᠢᠯᠢᠳᠡᠭ ᠵᠢᠭᠠᠬᠤ ᠠᠷᠭ᠎ᠠ ᠶᠢ ᠥᠩᠭᠡᠪᠴᠢ ᠮᠡᠳᠡᠭᠰᠡᠨ ᠢᠶᠡᠷ ᠢᠶᠡᠨ ᠬᠢᠴᠢᠶᠡᠯᠯᠡᠭᠡ ᠳᠦ ᠪᠠᠨ ᠦᠬᠦᠮᠡᠯ ᠢᠶᠠᠷ ᠲᠠᠭᠤᠷᠢᠶᠠᠵᠦ ᠮᠦᠷᠳᠡᠨ᠎ᠡ ᠃

    25. ᠵᠢᠭᠠᠵᠤ ᠴᠢᠳᠠᠬᠤ ᠪᠠᠭᠰᠢ ᠪᠣᠯ ᠰᠤᠷᠤᠭᠴᠢ ᠵᠢᠨ ᠨᠣᠮ ᠤᠩᠰᠢᠯᠭ᠎ᠠ ᠂ ᠶᠠᠷᠢᠶ᠎ᠠ ᠡᠴᠡ ᠵᠢᠭᠠᠨ ᠰᠤᠷᠭᠠᠯᠲᠠ ᠶᠢᠨ ᠬᠠᠮᠤᠭ ᠰᠠᠢᠨ ᠠᠵᠠ ᠲᠣᠬᠢᠶᠠᠯ ᠢ ᠡᠷᠢᠯᠬᠢᠯᠡᠳᠡᠭ ᠂ ᠴᠢᠳᠠᠬᠤ ᠦᠭᠡᠢ ᠪᠠᠭᠰᠢ ᠪᠣᠯ ᠰᠤᠷᠤᠭᠴᠢᠳ ᠤᠨ ᠢᠶᠡᠨ ᠨᠣᠮ ᠤᠩᠰᠢᠵᠤ ᠶᠠᠷᠢᠬᠤ ᠵᠠᠪᠰᠢᠶᠠᠨ ᠢᠶᠠᠷ ᠥᠪᠡᠷ ᠤᠨ ᠠᠵᠢᠯ ᠢᠶᠠᠨ ᠠᠮᠵᠢᠭᠤᠯᠳᠠᠭ ᠃

    26. ᠵᠢᠭᠠᠵᠤ ᠴᠢᠳᠠᠬᠤ ᠪᠠᠭᠰᠢ ᠪᠣᠯ ᠰᠤᠷᠤᠭᠴᠢ ᠵᠢᠨ ᠪᠦᠲᠦᠭᠡᠯᠴᠢ ᠰᠡᠳᠭᠢᠬᠦᠢ ᠵᠢ ᠢᠯᠡᠷᠡᠭᠦᠯᠵᠦ ᠴᠠᠭ ᠲᠤᠬᠠᠢ ᠳᠦ ᠨᠢ ᠰᠡᠳᠭᠢᠬᠦᠢ ᠶᠢᠨ ᠤᠴᠢ ᠵᠢ ᠨᠢ ᠨᠤᠴᠤᠭᠠᠵᠦ ᠴᠢᠳᠠᠳᠠᠭ ᠂ ᠴᠢᠳᠠᠬᠤ ᠦᠭᠡᠢ ᠪᠠᠭᠰᠢ ᠪᠣᠯ ᠵᠥᠪᠬᠡᠨ ᠰᠤᠷᠤᠭᠴᠢ ᠵᠢᠨ ᠬᠠᠷᠢᠭᠤᠯᠲᠠ ᠨᠢ ᠪᠦᠷᠢᠨ ᠵᠦᠪ ᠡᠰᠡᠬᠦ ᠵᠢ ᠠᠩᠬᠠᠷᠳᠠᠭ ᠃

    27. ᠵᠢᠭᠠᠵᠤ ᠴᠢᠳᠠᠬᠤ ᠪᠠᠭᠰᠢ ᠪᠣᠯ ᠵᠣᠬᠢᠶᠠᠯ ᠢᠶᠡᠨ ᠨᠠᠷᠢᠨ ᠤᠩᠰᠢᠭᠠᠳ ᠨᠢᠮᠪᠠᠢ ᠰᠡᠳᠭᠢᠬᠦ ᠵᠢ ᠬᠦᠰᠡᠳᠡᠭ ᠂ ᠴᠢᠳᠠᠬᠤ ᠦᠭᠡᠢ ᠪᠠᠭᠰᠢ ᠪᠣᠯ ᠵᠣᠬᠢᠶᠠᠯ ᠡᠴᠡ ᠭᠡᠰᠡᠭᠯᠡᠵᠤ ᠤᠷᠤᠰᠤᠮ᠎ᠠ ᠬᠠᠷᠢᠭᠤᠯᠤᠭᠰᠠᠨ ᠳᠤ ᠨᠢ ᠬᠠᠨᠴᠢᠬᠠᠳᠠᠭ ᠃

    28. ᠵᠢᠭᠠᠵᠤ ᠴᠢᠳᠠᠬᠤ ᠪᠠᠭᠰᠢ ᠪᠣᠯ ᠰᠤᠷᠤᠭᠴᠢ ᠶᠢᠨ ᠳᠠᠰᠭᠠᠯ ᠰᠢᠯᠭᠠᠯᠲᠠ ᠶᠢ ᠡᠳᠦᠷ ᠲᠦ ᠨᠢ ᠬᠢᠨᠠᠵᠤ ᠴᠤᠬᠤᠯᠪᠤᠷᠢᠯᠠᠳᠠᠭ ᠂ ᠴᠢᠳᠠᠬᠤ ᠦᠭᠡᠢ ᠪᠠᠭᠰᠢ ᠪᠣᠯ ᠰᠤᠷᠤᠭᠴᠢ ᠨᠢ ᠬᠢᠭᠡᠳ ᠪᠠᠷᠠᠭᠰᠠᠭᠠᠷ ᠴᠢᠨᠠᠭᠰᠢ ᠶᠠᠭᠤ ᠴᠤ ᠬᠠᠮᠢᠶᠠᠷᠳᠠᠭ ᠦᠭᠡᠢ ᠃

    29. ᠵᠢᠭᠠᠵᠤ ᠴᠢᠳᠠᠬᠤ ᠪᠠᠭᠰᠢ ᠪᠣᠯ ᠬᠢᠴᠢᠶᠡᠯ ᠤᠨ ᠲᠠᠩᠬᠢᠮ ᠳᠦ ᠠᠨᠠᠢ ᠰᠤᠷᠤᠭᠴᠢ ᠶᠢ ᠢᠯᠡᠭᠦᠦ ᠠᠩᠬᠠᠷᠴᠤ ᠬᠢᠴᠢᠶᠡᠯ ᠤᠨ ᠳᠠᠷᠠᠭ᠎ᠠ ᠲᠤᠰᠭᠠᠢ ᠵᠢᠯᠤᠭᠤᠳᠳᠠᠭ ᠂ ᠴᠢᠳᠠᠬᠤ ᠦᠭᠡᠢ ᠪᠠᠭᠰᠢ ᠪᠣᠯ ᠬᠢᠴᠢᠶᠡᠯ ᠤᠨ ᠲᠠᠩᠬᠢᠮ ᠳᠤ ᠲᠦᠷᠴᠢᠬᠢᠨᠡᠳᠡᠯ᠎ᠡ ᠶᠠᠷᠢᠯᠴᠠᠭᠤᠯᠤᠭᠠᠳ ᠬᠡᠨ ᠬᠡᠨ ᠨᠢ ᠴᠢᠳᠠᠭᠰᠠᠨ ᠡᠰᠡᠬᠦ ᠳᠤ ᠲᠣᠳᠤᠷᠬᠠᠢ ᠣᠢᠯᠠᠭᠠᠯᠲᠠ ᠦᠭᠡᠢ ᠪᠠᠢᠳᠠᠭ ᠃

    30. ᠵᠢᠭᠠᠵᠤ ᠴᠢᠳᠠᠬᠤ ᠪᠠᠭᠰᠢ ᠪᠣᠯ ᠰᠤᠷᠤᠭᠴᠢᠳ ᠢ ᠮᠡᠳᠡᠯᠭᠡ ᠰᠤᠷᠬᠤ ᠳᠤ ᠬᠥᠲᠦᠯᠬᠦ ᠮᠥᠷᠲᠡᠭᠡᠨ ᠪᠢᠴᠢᠵᠦ ᠢᠯᠡᠳᠭᠡᠬᠦ ᠵᠡᠷᠭᠡ ᠤᠯᠠᠨ ᠲᠠᠯ᠎ᠠ ᠶᠢᠨ ᠴᠢᠳᠠᠪᠤᠷᠢ ᠲᠠᠢ ᠪᠣᠯᠭᠠᠬᠤ ᠳᠤ ᠬᠢᠴᠢᠶᠡᠳᠡᠭ ᠂ ᠴᠢᠳᠠᠬᠤ ᠦᠭᠡᠢ ᠪᠠᠭᠰᠢ ᠪᠣᠯ ᠵᠥᠪᠬᠡᠨ ᠰᠤᠷᠤᠭᠴᠢᠳ ᠤᠨ ᠢᠶᠡᠨ ᠬᠠᠷᠢᠭᠤᠯᠲᠠ ᠨᠢ ᠵᠦᠪ ᠪᠤᠷᠤᠭᠤ ᠭᠡᠳᠡᠭ ᠢ ᠯᠡ ᠬᠠᠮᠢᠶᠠᠷᠳᠠᠭ ᠃

    31. ᠵᠢᠭᠠᠵᠤ ᠴᠢᠳᠠᠬᠤ ᠪᠠᠭᠰᠢ ᠪᠣᠯ ᠰᠤᠷᠤᠭᠴᠢᠳ ᠤᠨ ᠰᠤᠷᠤᠯᠭ᠎ᠠ ᠶᠢᠨ ᠲᠦᠪᠰᠢᠨ ᠢᠶᠡᠷ ᠲᠥᠷᠦᠯ ᠬᠤᠪᠢᠶᠠᠨ ᠳᠠᠰᠭᠠᠯ ᠥᠭᠴᠦ ᠪᠠᠶᠠᠷ ᠬᠦᠷ ᠲᠠᠢ ᠬᠢᠯᠭᠡᠳᠡᠭ ᠂ ᠴᠢᠳᠠᠬᠤ ᠦᠭᠡᠢ ᠪᠠᠭᠰᠢ ᠪᠣᠯ ᠨᠢᠭᠡ ᠯᠠ ᠬᠥᠭ ᠤᠨ ᠶᠠᠭᠤᠮ᠎ᠠ ᠦᠯᠡᠳᠡᠭᠡᠭᠡᠳ ᠭᠠᠭᠴᠠᠬᠠᠨ ᠬᠢᠲᠤᠭ᠎ᠠ ᠪᠡᠷ ᠣᠭᠲᠤᠯᠳᠠᠭ ᠃

    32. ᠵᠢᠭᠠᠵᠤ ᠴᠢᠳᠠᠬᠤ ᠪᠠᠭᠰᠢ ᠪᠣᠯ 《 ᠡᠨᠡ ᠰᠡᠳᠦᠪ ᠵᠢᠭᠠᠬᠠᠨ ᠬᠦᠴᠢᠷᠲᠡᠢ ᠰᠢᠦ ᠂ ᠪᠢᠲᠡᠭᠡᠢ ᠪᠠᠴᠢᠮᠳᠠ ᠡ ᠃ ᠰᠡᠳᠦᠪ ᠢᠶᠠᠨ ᠲᠠᠬᠢᠵᠤ ᠨᠠᠷᠢᠯᠢᠭ ᠤᠩᠰᠢᠵᠤ ᠦᠵᠡᠭᠡᠷᠡᠢ ᠂ ᠪᠠᠰᠠ ᠴᠢᠳᠠᠬᠤ ᠦᠭᠡᠢ ᠪᠣᠯ ᠪᠠᠭᠰᠢ ᠲᠠᠢ ᠪᠠᠨ ᠬᠠᠮᠲᠤ ᠪᠡᠷ ᠰᠤᠳᠤᠯᠵᠤ ᠦᠵᠡᠶ᠎ᠡ 》 ᠭᠡᠳᠡᠭ ᠂ ᠴᠢᠳᠠᠬᠤ ᠦᠭᠡᠢ ᠪᠠᠭᠰᠢ ᠪᠣᠯ 《 ᠶᠠᠭᠠᠬᠢᠭᠰᠠᠨ ᠪᠢᠳᠠᠭᠤ ᠶᠤᠮ ᠪᠤᠢ ᠂ ᠡᠢᠮᠦ ᠬᠢᠯᠪᠠᠷᠬᠠᠨ ᠢ ᠪᠠᠰᠠ ᠴᠢᠳᠠᠬᠤ ᠦᠭᠡᠢ 》 ᠭᠡᠵᠦ ᠤᠴᠠᠭᠠᠷᠯᠠᠳᠠᠭ ᠃

    ᠣᠷᠴᠢᠭᠤᠯᠤᠭᠰᠠᠨ ᠨᠢ ᠄ ᠰᠠᠷᠠᠨᠬᠦᠦ ᠂ ᠨᠡᠢᠷᠡᠭᠤᠯᠤᠨ ᠵᠠᠰᠠᠭᠰᠠᠨ ᠨᠢ ᠄ ᠳᠠᠪᠰᠢᠯᠲᠤ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )