ᠨᠡᠷᠡᠳᠤ ᠪᠠᠭᠰᠢ ᠶᠢᠨ ᠲᠠᠪᠴᠠᠩ
ᠬᠤᠳᠠ ᠵᠢᠨ ᠬᠢᠴᠢᠶᠡᠯ ᠲᠦᠷᠥᠯ ᠤᠨ ᠲᠠᠭᠠᠭᠤᠯᠤᠭᠴᠢ ᠠᠯᠳᠠᠨᠪᠠᠶᠠᠷ
2016.07.06 ᠲᠣᠰ ᠥᠷᠲᠡᠭᠡᠨ ᠦ ᠨᠠᠢᠷᠠᠭᠤᠯᠤᠭᠴᠢ

    

    ᠠᠯᠳᠠᠨᠪᠠᠶᠠᠷ᠂ ᠲᠡᠬᠡᠳᠦ ᠲᠡᠰ  ᠤᠨ ᠪᠠᠭᠰᠢ ᠂ 1963 ᠂ 2 ᠂ 28 ᠤ᠋ ᠡᠳᠦᠷ ᠬᠡᠷᠰᠡᠩ ᠰᠤᠮᠤ ᠵᠢᠨ ᠲᠠᠪᠢᠨ ᠠᠢᠯ ᠭᠠᠴᠠᠭᠠᠨ ᠤ ᠡᠩ ᠤᠨ ᠨᠢᠬᠡᠨ ᠮᠠᠯᠴᠢᠨ  ᠤ ᠬᠡᠷ  ᠲᠤ ᠲᠦᠷᠥᠪᠡ ᠃ ᠪᠠᠭ᠎ᠠ ᠡᠴᠠ  ᠪᠠᠨ ᠰᠤᠷᠴᠦ ᠪᠤᠯᠪᠠᠰᠤᠷᠠᠬᠤ ᠲᠤᠷ᠎ᠠ ᠪᠠᠬ᠎ᠠ  ᠲᠠᠢ ᠪᠠᠢᠳᠠᠭ ᠡᠴᠠ 1981  ᠤᠨ ᠤ ᠤᠯᠤᠰ  ᠤᠨ ᠰᠢᠯᠭᠠᠯᠳᠠ ᠪᠡᠷ ᠲᠠᠮᠵᠢᠵᠤ ᠰᠢᠭᠤᠳ ᠰᠢᠯᠤᠭᠤᠬᠠᠨ ᠵᠢᠡᠷ ᠵᠤᠤ ᠤᠳᠠ ᠵᠢᠨ ᠪᠠᠭᠰᠢ ᠵᠢᠨ ᠲᠤᠰᠠᠬᠠᠢ ᠮᠡᠷᠬᠡᠵᠢᠯ ᠤᠨ ᠰᠤᠷᠭᠠᠭᠤᠯᠢ  ᠳ᠋ᠤ ᠡᠯᠰᠡᠭᠳᠡᠨ ᠂ 1983 ᠤᠨ  ᠳ᠋ᠤ ᠰᠤᠷᠤᠯᠭ᠎ᠠ ᠲᠡᠬᠦᠰᠴᠤ ᠪᠤᠷᠤᠬᠤᠳᠠ ᠮᠤᠩᠭ᠋ᠤᠯ ᠲᠤᠮᠳᠠᠳᠤ ᠰᠤᠷᠭᠠᠭᠤᠯᠢ ᠳ᠋ᠤ ᠠᠵᠢᠯ ᠤᠨ ᠭᠠᠷᠤᠭ᠎ᠠ  ᠪᠠᠨ ᠠᠪᠤᠭᠰᠠᠨ ᠪᠠᠢᠨ᠎ᠠ ᠃ 1995᠂ 9 –2007᠂ 2 ᠰᠠᠷ᠎ᠠ ᠪᠤᠯᠳᠠᠯ᠎ᠠ ᠪᠤᠷᠤᠬᠤᠳᠠ ᠮᠤᠩᠭ᠋ᠤᠯ ᠦᠨᠳᠦᠰᠦᠳᠡᠨ ᠤ ᠪᠠᠭ᠎ᠠ ᠰᠤᠷᠭᠠᠭᠤᠯᠢ  ᠳ᠋ᠤ ᠠᠵᠢᠯᠯᠠᠪᠠ ᠃2007 ᠂ 3 ᠰᠠᠷ᠎ᠠ  ᠳ᠋ᠤ ᠲᠠᠬᠢᠨ ᠪᠤᠷᠤᠬᠤᠳᠠ ᠮᠤᠩᠭ᠋ᠤᠯ ᠲᠤᠮᠳᠠᠳᠤ  ᠳ᠋ᠤ ᠪᠠᠨ ᠰᠢᠯᠵᠢᠵᠤ ᠢᠷᠡᠭᠰᠡᠨ ᠪᠠᠢᠨ᠎ᠠ᠃ ᠲᠡᠷᠡ ᠬᠤᠷᠢ ᠭᠠᠷᠤᠢ ᠵᠢᠯ  ᠤᠨ ᠲᠤᠷᠰᠢ ᠰᠤᠷᠭᠠᠨ ᠬᠦᠮᠦᠵᠢᠯ ᠵᠢᠭᠠᠨ ᠰᠤᠷᠭᠠᠯᠳᠠ ᠵᠢᠨ ᠡᠮᠤᠨ᠎ᠡ ᠡᠩᠨᠡᠬᠡᠨ  ᠳ᠋ᠤ ᠠᠵᠢᠯᠯᠠᠵᠤ᠂ ᠲᠤᠬᠠᠢᠯᠠᠭᠰᠠᠨ ᠠᠵᠢᠯ ᠳ᠋ᠤ ᠪᠠᠨ ᠬᠠᠯᠠᠭᠤᠨ ᠰᠡᠳᠬᠢᠯᠬᠡ ᠲᠠᠢ ᠪᠡᠷ ᠰᠢᠮᠳᠡᠵᠤ ᠂ ᠵᠢᠭᠠᠨ ᠰᠤᠷᠭᠠᠯᠳᠠ ᠵᠢᠨ ᠬᠢᠷᠢ ᠪᠦᠳᠦᠮᠵᠢ  ᠪᠠᠨ ᠢᠮᠠᠭᠳᠠ ᠪᠠᠳᠤᠯᠠᠭᠰᠠᠨ ᠡᠴᠠ ᠦᠷᠬᠡᠨ ᠤᠯᠠᠨ ᠪᠠᠭᠰᠢ ᠰᠤᠷᠤᠭᠴᠢ ᠂ ᠬᠡᠷ  ᠤᠨ ᠠᠬᠠᠮᠠᠳ ᠪᠤᠯᠤᠨ ᠤᠳᠤᠷᠢᠳᠤᠯᠭ᠎ᠠ ᠨᠠᠷ ᠤᠨ ᠵᠢᠡᠨ ᠬᠠᠯᠠᠭᠤᠨ ᠬᠦᠷᠢᠶᠡᠯᠡᠯ ᠂ ᠰᠠᠢᠨ ᠦᠨᠡᠯᠡᠯᠳᠡ ᠶᠢ ᠤᠯᠤᠭᠰᠠᠨ ᠪᠠᠢᠨ᠎ᠠ ᠃ ᠲᠡᠷᠡ ᠠᠷᠪᠠ ᠭᠠᠤᠷᠢ ᠵᠢᠯ ᠠᠩᠬᠢ ᠵᠢᠨ ᠡᠷᠬᠢᠯᠡᠭᠴᠢ ᠵᠢᠨ ᠠᠵᠢᠯ  ᠢ ᠠᠮᠵᠢᠯᠳᠠ ᠲᠠᠢ ᠬᠢᠭᠰᠡᠨ ᠲᠤᠷᠰᠢᠯᠭ᠎ᠠ ᠵᠢᠨ ᠰᠠᠭᠤᠷᠢᠨ ᠲᠡᠬᠡᠷ᠎ᠡ ᠵᠤᠬᠢᠶᠠᠨ ᠪᠠᠢᠭᠤᠯᠤᠯᠳᠠ ᠵᠢᠨ ᠲᠤᠬᠢᠷᠠᠭᠤᠯᠤᠯᠳᠠ  ᠪᠠᠷ ᠮᠦᠨ ᠠᠷᠪᠠ ᠭᠠᠷᠤᠢ ᠵᠢᠯ ᠪᠠᠭ᠎ᠠ ᠰᠤᠷᠭᠠᠭᠤᠯᠢ  ᠳ᠋ᠤ ᠤᠴᠢᠨ ᠬᠢᠴᠢᠶᠡᠯ ᠬᠦᠮᠦᠵᠢᠯ ᠤᠨ ᠡᠷᠬᠢᠯᠡᠭᠴᠢ ᠵᠢᠨ ᠠᠵᠢᠯ ᠢ ᠬᠢᠵᠤ ᠶᠠᠪᠤᠬᠤ ᠳᠤ ᠪᠠᠨ ᠰᠤᠷᠤᠭᠴᠢ ᠵᠢᠨ ᠦᠵᠡᠯ ᠰᠠᠨᠠᠭ᠎ᠠ ᠵᠠᠩ ᠮᠤᠷᠠᠯ᠂ ᠰᠤᠷᠤᠯᠭ᠎ᠠ᠂ ᠪᠡᠶ᠎ᠡ ᠰᠡᠳᠬᠢᠴᠡ ᠵᠢᠨ ᠬᠦᠭᠵᠢᠯᠳᠡ ᠳ᠋ᠤ ᠮᠠᠰᠢ ᠶᠡᠬᠡ ᠬᠦᠴᠦ ᠤᠷᠤᠭᠤᠯᠵᠤ ᠂ ᠮᠠᠰᠢ ᠤᠯᠠᠨ ᠰᠢᠯᠢᠳᠡᠭ ᠰᠤᠷᠤᠭᠴᠢ  ᠶᠢ ᠬᠦᠮᠦᠵᠢᠬᠦᠯᠦᠭᠰᠡ  ᠪᠠᠢᠨ᠎ᠠ᠃ ᠲᠡᠷᠡ ᠵᠢᠭᠠᠨ ᠰᠤᠷᠭᠠᠯᠳᠠ ᠵᠢᠨ ᠦᠬᠡᠷᠡᠴᠢᠦᠯᠡᠯᠳᠡ  ᠳ᠋ᠤ ᠲᠤᠩ ᠢᠳᠡᠪᠬᠢᠳᠠᠢ ᠪᠠᠢᠵᠤ᠂ ᠨᠡᠢᠳᠡ ᠲᠦᠷᠪᠡ ᠤᠳᠠᠭᠠᠨ ᠤ ᠵᠢᠭᠠᠨ ᠰᠤᠷᠭᠠᠯᠳᠠ ᠵᠢᠨ ᠲᠤᠰᠠᠬᠠᠢ ᠰᠡᠳᠦᠪ  ᠤᠨ ᠰᠤᠳᠤᠯᠭᠠᠨ ᠤ ᠡᠬᠦᠷᠬᠡ ᠶᠢ ᠪᠡᠶᠡᠯᠡᠬᠦᠯᠵᠤ ᠦᠨᠳᠦᠷ ᠬᠢᠷᠢ ᠪᠦᠳᠦᠮᠵᠢ ᠤᠯᠵᠠᠢ ᠃ ᠡᠬᠦᠨ ᠢ ᠲᠠᠭᠠᠯᠳᠤᠨ ᠰᠤᠷᠤᠭᠴᠢ ᠵᠢᠨ ᠬᠢᠷᠢ ᠪᠦᠳᠦᠮᠵᠢ᠂ ᠬᠤᠪᠢ ᠬᠦᠮᠤᠨ ᠤ ᠠᠵᠢᠯ ᠤᠨ ᠠᠮᠵᠢᠯᠳᠠ ᠤᠯᠠᠨ ᠤ ᠲᠤᠮᠳᠠ ᠤᠷᠤᠢᠯᠠᠨ᠂ ᠬᠤᠰᠢᠭᠤᠨ ᠲᠡᠰ ᠤᠨ ᠰᠢᠯᠢᠳᠡᠭ ᠵᠢᠭᠠᠨ ᠰᠤᠷᠭᠠᠬᠤ ᠴᠢᠳᠠᠪᠤᠷᠢᠳᠠᠨ ᠂ ᠬᠤᠳᠠ ᠵᠢᠨ ᠲᠡᠰ  ᠤᠨ ᠬᠢᠴᠢᠶᠡᠯ ᠲᠦᠷᠥᠯ ᠤᠨ ᠲᠠᠭᠠᠭᠤᠯᠤᠭᠴᠢ ᠂ ᠭᠤᠤᠯᠯᠠᠭᠴᠢ ᠪᠠᠭᠰᠢ ᠪᠡᠷ ᠦᠨᠡᠯᠡᠭᠳᠡᠵᠤ ᠂ ᠬᠤᠰᠢᠭᠤ ᠬᠤᠳᠠ ᠵᠢᠨ ᠲᠡᠰ ᠤᠨ ᠰᠠᠢᠰᠢᠶᠠᠯ ᠬᠦᠬᠢᠬᠦᠯᠦᠯ  ᠢ 13 ᠤᠳᠠᠭ᠎ᠠ ᠬᠦᠷᠳᠡᠭᠰᠡᠨ ᠪᠠᠢᠨ᠎ᠠ ᠃ ᠲᠡᠬᠦᠨ ᠤ ᠪᠢᠴᠢᠭᠰᠡᠨ ᠦᠬᠦᠯᠡᠯ ᠨᠢᠬᠤᠳᠠ ᠡᠴᠠ ᠲᠡᠬᠡᠭᠰᠢᠬᠢ ᠰᠤᠨᠢᠨ ᠰᠡᠳᠬᠦᠯ  ᠳ᠋ᠤ ᠨᠡᠢᠳᠡᠯᠡᠭᠳᠡᠬᠦ ᠵᠢᠨ ᠬᠠᠮᠳᠤ ᠠᠷᠪᠠ ᠭᠠᠷᠤᠢ ᠤᠳᠠᠭ᠎ᠠ ᠱᠠᠩᠨᠠᠯ ᠬᠦᠷᠳᠡᠭᠰᠡᠨ ᠪᠠᠢᠨ᠎ᠠ ᠃ ᠠᠵᠢᠯ  ᠤᠨ ᠰᠤᠷᠳᠠᠯ ᠲᠦᠪ ᠭᠤᠤᠯᠴᠢ ᠂ ᠵᠠᠷᠴᠢᠮ ᠢ ᠪᠠᠷᠢᠮᠳᠠᠯᠠᠳᠠᠭ ᠡᠴᠠ 2006  ᠤᠨ  ᠳ᠋ᠤ ᠬᠤᠰᠢᠭᠤᠨ ᠤ ᠠᠷᠪᠠᠨ ᠬᠤᠶᠠᠳᠤᠭᠠᠷ ᠬᠤᠭᠤᠴᠠᠭᠠᠨ  ᠤ ᠨᠠᠮ ᠤᠨ ᠲᠦᠯᠦᠬᠡᠯᠡᠭᠴᠢ ᠵᠢᠨ ᠬᠤᠷᠠᠯ  ᠳ᠋ᠤ ᠤᠷᠤᠯᠴᠠᠭᠰᠠᠨ ᠪᠠᠢᠨ᠎ᠠ ᠃

    ᠤᠳᠤ ᠠᠯᠳᠠᠨᠪᠠᠶᠠᠷ ᠪᠠᠭᠰᠢ ᠤᠳᠠᠭᠠᠨ ᠵᠢᠯ  ᠤᠨ ᠰᠤᠷᠤᠭᠴᠢ ᠵᠢᠨ ᠬᠠᠮᠢᠶᠠᠷᠤᠯᠳᠠ ᠵᠢᠨ ᠠᠷᠭ᠎ᠠ ᠲᠤᠷᠰᠢᠯᠭ᠎ᠠ   ᠳ᠋ᠤ ᠪᠠᠨ ᠰᠠᠭᠤᠷᠢᠯᠠᠵᠤ ᠰᠤᠷᠤᠭᠴᠢ ᠵᠢᠨ ᠪᠠᠢᠷᠢ ᠵᠢᠨ ᠬᠠᠮᠢᠶᠠᠷᠤᠯᠳᠠ ᠵᠢᠨ ᠠᠵᠢᠯ  ᠢ ᠲᠤᠷᠠᠳᠠᠢᠶ᠎ᠠ ᠬᠦᠯᠢᠶᠡᠨ ᠠᠪᠴᠤ ᠂ ᠡᠨᠡᠬᠦ ᠶᠠᠷᠰᠢᠭ ᠲᠦᠪᠡᠭᠳᠠᠢ ᠮᠦᠷᠳᠡᠬᠡᠨ ᠨᠠᠷᠢᠨ ᠬᠢᠨᠠᠮᠠᠭᠠᠢ ᠠᠵᠢᠯ   ᠤᠨ ᠪᠠᠢᠷᠢ  ᠪᠠᠨ ᠤᠷᠠᠨ ᠲᠡᠮᠳᠠᠢ ᠠᠮᠵᠢᠯᠳᠠ ᠬᠢᠵᠤ ᠪᠡᠶᠡᠯᠡᠬᠦᠯᠵᠤ ᠪᠠᠢᠳᠠᠭ ᠡᠴᠠ ᠵᠠᠯᠠᠭᠤ ᠨᠢᠬᠡ ᠦᠶ᠎ᠡ ᠵᠢᠨ ᠬᠢᠨ  ᠳᠤ ᠪᠠᠨ ᠠᠮᠢᠳᠤᠷᠠᠯ  ᠤᠨ ᠲᠠᠯ᠎ᠠ  ᠪᠡᠷ ᠬᠢ ᠰᠢᠯᠢᠳᠡᠭ ᠬᠡᠪ ᠰᠤᠷᠳᠠᠯ  ᠤᠨ ᠲᠠᠭᠤᠷᠢᠶᠠᠯ ᠪᠤᠯᠵᠤ ᠪᠠᠢᠳᠠᠭ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )