ᠨᠡᠷᠡᠳᠤ ᠪᠠᠭᠰᠢ ᠶᠢᠨ ᠲᠠᠪᠴᠠᠩ
ᠬᠤᠳᠠ ᠵᠢᠨ ᠭᠤᠤᠯᠯᠠᠭᠴᠢ ᠪᠠᠭᠰᠢ ᠬᠠᠨ ᠰᠢᠶᠤᠤ ᠰᠢᠨ
2016.06.10 ᠲᠣᠰ ᠥᠷᠲᠡᠭᠡᠨ ᠦ ᠨᠠᠢᠷᠠᠭᠤᠯᠤᠭᠴᠢ

    

 

    ᠬᠠᠨ ᠰᠢᠶᠤᠤ ᠰᠢᠨ ᠂ ᠡᠮᠡᠭᠳᠠᠢ ᠂1960ᠤᠨ ᠤ 12ᠰᠠᠷ᠎ᠠ ᠶᠢᠨ 31ᠡᠳᠦᠷ ᠠᠰᠢᠬᠠᠨ ᠰᠤᠮᠤ ᠶᠢᠨ ᠳᠣᠣᠷ᠎ᠠ ᠨᠠᠷᠢᠨ ᠭᠤᠤᠯ ᠭᠠᠴᠠᠭᠠᠨ ᠤ ᠮᠠᠯᠴᠢᠨ ᠤ ᠬᠡᠷ ᠲᠦ ᠲᠦᠷᠦᠪᠡ ᠃ 1979 ᠤᠨ ᠳᠤ ᠤᠯᠤᠰ ᠤᠨ ᠰᠢᠯᠭᠠᠯᠳᠠ ᠪᠠᠷ ᠲᠠᠮᠵᠢᠵᠤ ᠵᠤᠤ ᠤᠳᠠ ᠪᠠᠭᠰᠢ ᠶᠢᠨ ᠲᠤᠰᠠᠬᠠᠢ ᠮᠡᠷᠬᠡᠵᠢᠯ ᠦᠨ ᠰᠤᠷᠭᠠᠭᠤᠯᠢ ᠳᠤ ᠡᠯᠰᠡᠭᠳᠡᠵᠤ ᠂ 1981ᠤᠨ ᠳᠤ ᠰᠢᠯᠢᠳᠡᠭ ᠪᠦᠳᠦᠮᠵᠢ ᠪᠡᠷ ᠰᠤᠷᠤᠯᠭ᠎ᠠ ᠲᠡᠬᠦᠰᠴᠤ ᠂ ᠵᠢᠭᠠᠨ ᠰᠤᠷᠭᠠᠯᠳᠠ ᠶᠢᠨ ᠠᠵᠢᠯ ᠵᠢᠡᠨ ᠡᠬᠢᠯᠡᠬᠦᠯᠦᠭᠰᠡᠨ ᠪᠠᠢᠨ᠎ᠠ ᠃ ᠭᠤᠴᠢᠨ ᠲᠠᠪᠤᠨ ᠵᠢᠯ ᠦᠨ ᠬᠠᠪᠤᠷ ᠨᠠᠮᠤᠷ  ᠢ ᠨᠢᠬᠡ ᠯᠡ ᠡᠳᠦᠷ ᠮᠡᠳᠤ ᠦᠩᠬᠡᠷᠡᠬᠡᠵᠤ ᠂ ᠠᠵᠢᠯ ᠳᠤ ᠪᠠᠨ ᠬᠠᠯᠠᠭᠤᠨ ᠰᠡᠳᠬᠢᠯ ᠲᠠᠢ ᠪᠠᠢᠵᠤ ᠂ ᠰᠤᠷᠤᠭᠴᠢ ᠳᠤ ᠬᠠᠷᠢᠭᠤᠴᠠᠬᠤ ᠂ ᠨᠡᠢᠬᠡᠮ ᠳᠦ ᠬᠠᠷᠢᠭᠤᠴᠠᠬᠤ ᠡᠷᠬᠢᠮ ᠲᠡᠬᠡᠳᠦ ᠤᠪᠤᠷ ᠵᠢᠡᠷ ᠦᠨᠡᠨ ᠬᠦ ᠰᠤᠷᠤᠭᠴᠢ ᠨᠦᠬᠦᠳ ᠦᠨ ᠰᠡᠳᠬᠢᠯ ᠦᠨ ᠬᠠᠨᠢ ᠪᠤᠯᠵᠤ ᠂ ᠰᠤᠷᠤᠭᠴᠢᠳ ᠢ ᠴᠠᠭ ᠢᠮᠠᠭᠳᠠ ᠵᠤᠷᠢᠭᠵᠢᠭᠤᠯᠤᠨ ᠬᠦᠯᠢᠴᠡᠩᠬᠦᠢ ᠪᠡᠷ ᠵᠢᠭᠠᠨ ᠰᠤᠷᠭᠠᠳᠠᠭ ᠠᠴᠠ ᠰᠤᠷᠤᠭᠴᠢ ᠶᠢᠨ ᠬᠢᠷᠢ ᠪᠦᠳᠦᠮᠵᠢ ᠵᠢᠯ ᠲᠠᠷᠠᠭᠠᠯᠠᠨ ᠦᠨᠳᠦᠷ ᠪᠠᠢᠳᠠᠭ᠃ ᠡᠬᠦᠨ ᠡᠴᠡ ᠪᠤᠯᠵᠤ ᠬᠤᠷᠢ ᠭᠠᠷᠤᠢ ᠤᠳᠠᠭ᠎ᠠ ᠲᠡᠬᠡᠳᠦ ᠭᠤᠷᠪᠠ  ᠶᠢᠨ ᠲᠡᠬᠦᠰᠬᠦ  ᠤᠨ ᠤ ᠲᠤᠭᠠᠨ ᠤ ᠤᠬᠠᠭᠠᠨ ᠤ ᠬᠢᠴᠢᠶᠡᠯᠯᠡᠭᠴᠢ ᠪᠠᠭᠰᠢ ᠶᠢᠨ ᠡᠬᠦᠷᠬᠡ ᠶᠢ ᠲᠤᠰᠤᠨ ᠠᠪᠬᠤ ᠳᠠᠭᠠᠨ ᠬᠦᠴᠢᠷ ᠬᠡᠮᠡᠨ ᠬᠤᠢᠰᠢ ᠤᠬᠤᠷᠢᠯ ᠦᠬᠡᠢ ᠠᠵᠢᠯ ᠵᠢᠡᠨ ᠪᠡᠶᠡᠯᠡᠬᠦᠯᠵᠤ ᠢᠷᠡᠭᠰᠡᠨ ᠪᠠᠢᠨ᠎ᠠ ᠃ ᠵᠢᠭᠠᠨ ᠰᠤᠷᠭᠠᠬᠤ ᠠᠷᠭ᠎ᠠ ᠠᠮᠢᠳᠤᠯᠢᠭ ᠵᠤᠬᠢᠴᠠᠩᠭᠤᠢ ᠂ ᠰᠢᠨᠵᠢᠯᠡᠬᠦ ᠤᠬᠠᠭᠠᠨᠴᠢ ᠪᠠᠢᠯᠭᠠᠬᠤ ᠶᠢ ᠪᠠᠷᠢᠮᠳᠠᠯᠠᠭᠰᠠᠨ ᠠᠴᠠ ᠰᠤᠷᠤᠭᠴᠢ ᠬᠡᠷ ᠦᠨ ᠠᠬᠠᠮᠠᠳ ᠬᠢᠬᠡᠳ ᠬᠠᠮᠳᠤ ᠨᠦᠬᠦᠳ ᠦᠨ ᠢᠶᠡᠨ ᠬᠦᠷᠢᠶᠡᠯᠡᠯ ᠢ ᠤᠯᠵᠤ᠂ ᠰᠤᠷᠤᠭᠴᠢ ᠶᠢᠨ ᠦᠨᠡᠯᠡᠯᠳᠡ ᠳᠦ ᠵᠢᠯ ᠲᠠᠷᠠᠭᠠᠯᠠᠨ ᠤᠨᠴᠠ ᠰᠢᠯᠢᠳᠡᠭ ᠢ ᠤᠯᠳᠠᠭ ᠃ ᠡᠬᠦᠨ ᠵᠢᠡᠷ ᠪᠠᠷᠠᠬᠤ ᠦᠬᠡᠢ 《ᠰᠢᠯᠢᠳᠡᠭ ᠪᠠᠭᠰᠢ 》᠂ 《ᠰᠢᠯᠢᠳᠡᠭ ᠨᠠᠮ ᠤᠨ ᠬᠡᠰᠢᠬᠦᠨ》᠂ 《ᠦᠢᠯᠡᠰ ᠢᠶᠡᠨ ᠬᠦᠨᠳᠦᠳᠬᠡᠭᠰᠡᠨ ᠱᠠᠩᠨᠠᠯ 》᠂ 《ᠬᠦᠳᠡᠯᠮᠤᠷᠢ ᠶᠢᠨ ᠵᠢᠱᠢᠶᠡᠴᠢ 》 ᠂ 《ᠵᠢᠱᠢᠶᠡᠴᠢ ᠬᠡᠷ ᠦᠨ ᠠᠬᠠᠮᠠᠳ》᠂ ᠤᠯᠤᠰ ᠤᠷᠤᠨ ᠤ 《ᠰᠢᠯᠢᠳᠡᠭ ᠴᠡᠴᠡᠷᠯᠢᠭᠴᠢ 》᠂ 《ᠤᠷᠤᠯᠳᠤᠭᠠᠨ ᠤ ᠴᠡᠴᠡᠷᠯᠢᠭᠴᠢ 》ᠬᠡᠬᠦ ᠮᠡᠳᠤ ᠵᠢᠨ ᠲᠡᠬᠡᠳᠦ ᠱᠠᠳᠤᠨ ᠤ ᠰᠠᠢᠰᠢᠶᠡᠯ ᠬᠦᠬᠢᠬᠦᠯᠦᠯ ᠢ ᠠᠷᠪᠠ ᠭᠠᠷᠤᠢ ᠤᠳᠠᠭ᠎ᠠ ᠲᠤᠰᠤᠭᠰᠠᠨ ᠪᠠᠢᠨ᠎ᠠ᠃ ᠨᠡᠢᠬᠡᠮ ᠨᠡᠢᠳᠡ ᠶᠢᠨ ᠢᠳᠡᠬᠡᠯ ᠬᠦᠨᠳᠤ ᠶᠢ ᠤᠯᠤᠭᠰᠠᠨ ᠠᠴᠠ ᠭᠤᠷᠪᠠ ᠤᠳᠠᠭ᠎ᠠ ᠬᠤᠰᠢᠭᠤᠨ ᠤ ᠠᠷᠠᠳ ᠦᠨ ᠲᠦᠯᠦᠬᠡᠯᠡᠭᠴᠢ ᠵᠢᠨ ᠬᠤᠷᠠᠯ ᠳᠤ ᠤᠷᠤᠯᠴᠠᠭᠰᠠᠨ ᠪᠠᠢᠨ᠎ᠠ ᠃ ᠲᠡᠬᠦᠨ ᠦ ᠪᠢᠴᠢᠭᠰᠡᠨ《 ᠲᠤᠭᠠᠨ ᠤ ᠤᠬᠠᠭᠠᠨ ᠤ ᠵᠢᠭᠠᠨ ᠰᠤᠷᠭᠠᠯᠳᠠ ᠳ᠋ᠤ ᠲᠠᠰᠢᠶᠠᠷᠠᠯ ᠡᠴᠠ ᠠᠩᠬᠢᠵᠢᠷᠠᠭᠤᠯᠬᠤ ᠲᠤᠬᠠᠢ ᠶᠠᠷᠢᠬᠤ ᠨᠢ 》 ᠂ 《 ᠠᠰᠠᠭᠤᠯᠳᠠ ᠪᠠᠨ ᠠᠮᠢᠳᠤᠯᠢᠭ ᠲᠤᠬᠢᠷᠠᠭᠤᠯᠪᠠᠯ ᠠᠰᠢᠭᠯᠠᠮᠵᠢ  ᠪᠠᠷ ᠰᠠᠢᠨ 》 ᠂ 《 ᠬᠡᠤᠬᠡᠳ ᠢ ᠬᠦᠮᠦᠵᠢᠬᠦᠯᠬᠦ ᠳᠤ ᠡᠴᠢᠬᠡ ᠡᠬᠡᠴᠤᠤᠯ ᠤᠨ ᠪᠦᠷᠢᠯᠳᠦᠬᠦᠯᠪᠡᠰᠤ ᠵᠤᠬᠢᠬᠤ ᠬᠡᠪ ᠴᠢᠨᠠᠷ 》 ᠬᠡᠬᠦ ᠮᠡᠳᠤ ᠵᠢᠨ ᠰᠤᠷᠭᠠᠨ ᠬᠦᠮᠦᠵᠢᠯ ᠦᠨ ᠲᠤᠬᠠᠢ ᠦᠬᠦᠯᠡᠯ ᠨᠢ ᠤᠳᠠᠭ᠎ᠠ ᠲᠠᠷᠠᠭᠠᠯᠠᠨ ᠤᠷᠤᠨ ᠬᠤᠳᠠ  ᠵᠢᠨ ᠰᠤᠨᠢᠨ ᠰᠡᠳᠬᠦᠯ ᠳᠦ ᠨᠡᠢᠳᠡᠯᠡᠭᠳᠡᠭᠰᠡᠨ ᠪᠦᠬᠡᠳ ᠲᠡᠬᠡᠳᠦ ᠱᠠᠳᠤᠨ ᠤ ᠱᠠᠩᠨᠠᠯ ᠪᠠ ᠦᠨᠡᠯᠡᠯᠳᠡ ᠶᠢ ᠤᠯᠵᠠᠢ ᠃ ᠤᠨᠴᠠᠭᠠᠢᠯᠠᠨ ᠬᠡᠤᠬᠡᠳ ᠦᠨ ᠦᠰᠴᠦ ᠪᠤᠢᠵᠢᠬᠤ ᠳᠤ ᠠᠰᠢᠭ ᠲᠤᠰᠠ ᠦᠨᠳᠦᠷ ᠪᠤᠯᠬᠤ 《ᠨᠡᠢᠯᠡᠮᠡᠯ ᠬᠡᠯᠪᠡᠷᠢᠳᠤ ᠭᠤᠸ᠎ᠠ ᠴᠢᠬᠢᠷᠡᠬᠵᠢᠯ ᠦᠨ ᠪᠤᠭᠴᠦ 》ᠨᠢ ᠤᠯᠤᠰ ᠤᠨ ᠲᠤᠰᠠᠬᠠᠢ ᠡᠷᠬᠡ ᠠᠰᠢᠭ ᠢ ᠤᠯᠤᠭᠰᠠᠨ ᠪᠦᠬᠡᠳ ᠲᠡᠯᠡᠬᠡᠢ ᠶᠢᠨ ᠱᠠᠩᠨᠠᠯ ᠢ ᠲᠤᠰᠤᠭᠰᠠᠨ ᠪᠠᠢᠨ᠎ᠠ᠃ ᠬᠠᠨ ᠰᠢᠶᠤᠤ ᠰᠢᠨ ᠪᠠᠭᠰᠢ ᠤᠳᠤ ᠬᠡᠳᠦᠢᠪᠡᠷ ᠠᠵᠢᠯ ᠤᠨ ᠠᠮᠠᠷᠠᠯᠳᠠ ᠪᠠᠨ ᠠᠪᠤᠭᠰᠠᠨ ᠪᠤᠯᠪᠠᠴᠦ ᠲᠡᠬᠦᠨ ᠦ ᠦᠢᠯᠡᠰ ᠵᠢᠡᠨ ᠬᠡᠰᠡᠨ ᠡᠷᠬᠢᠮ ᠲᠡᠬᠡᠳᠦ ᠬᠠᠷᠢᠭᠤᠴᠠᠯᠭ᠎ᠠ ᠂ ᠰᠢᠷᠭᠠᠬᠤ ᠬᠠᠳᠠᠭᠤᠵᠢᠯᠳᠠᠢ ᠴᠢᠷᠮᠠᠢᠨ ᠵᠢᠳᠬᠦᠬᠦ ᠵᠤᠷᠢᠭ ᠰᠠᠨᠠᠭ᠎ᠠ ᠂ ᠦᠪᠡᠷᠮᠢᠴᠡ ᠰᠤᠳᠤᠨ ᠵᠢᠭᠠᠨ ᠰᠤᠷᠭᠠᠬᠤ ᠠᠷᠭ᠎ᠠ ᠠᠪᠴᠠᠯ ᠨᠢ ᠵᠠᠯᠠᠭᠤ ᠪᠠᠭᠰᠢᠨᠠᠷ ᠤᠨ ᠲᠠᠭᠠᠨ ᠰᠤᠷᠤᠯᠴᠠᠬᠤ ᠰᠠᠢᠨ ᠰᠠᠢᠬᠠᠨ ᠦᠯᠢᠬᠡᠷ ᠲᠠᠭᠤᠷᠢᠶᠠᠯ ᠪᠤᠯᠤᠭᠰᠠᠭᠠᠷ ᠪᠠᠢᠨ᠎ᠠ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )