ᠨᠡᠷᠡᠳᠤ ᠪᠠᠭᠰᠢ ᠶᠢᠨ ᠲᠠᠪᠴᠠᠩ
ᠬᠤᠳᠠ ᠶᠢᠨ ᠰᠤᠷᠭᠠᠨ ᠬᠦᠮᠦᠵᠢᠯ ᠦᠨ ᠰᠤᠳᠤᠯᠭᠠᠨ ᠤ ᠲᠠᠭᠠᠭᠤᠯᠤᠭᠴᠢ ᠯᠢᠶᠠᠩ ᠰᠢᠤ ᠾᠸ
2016.05.28 ᠲᠣᠰ ᠥᠷᠲᠡᠭᠡᠨ ᠦ ᠨᠠᠢᠷᠠᠭᠤᠯᠤᠭᠴᠢ

    

 

    1968ᠤᠨ ᠤ 6 ᠰᠠᠷ᠎ᠠ ᠳᠤ ᠬᠠᠢᠯᠠᠰᠤ ᠪᠠᠯᠭᠠᠰᠤᠨ ᠳᠦ ᠲᠦᠷᠦᠪᠡ ᠃ ᠮᠤᠩᠭᠤᠯ ᠦᠨᠳᠦᠰᠦᠳᠡᠨ ᠂ᠲᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠬᠦᠨ ᠃ ᠲᠤᠮᠳᠠᠳᠤ ᠰᠤᠷᠭᠠᠭᠤᠯᠢ ᠶᠢᠨ ᠲᠡᠬᠡᠳᠦ ᠲᠡᠰ ᠦᠨ ᠪᠠᠭᠰᠢ ᠂ ᠰᠤᠷᠭᠠᠭᠤᠯᠢ ᠶᠢᠨ ᠵᠠᠬᠢᠷᠤᠯ ᠃ 1987ᠤᠨ ᠳᠤ ᠤᠯᠠᠭᠠᠨᠬᠠᠳᠠ ᠵᠢᠨ ᠪᠠᠭᠰᠢ ᠶᠢᠨ ᠲᠤᠰᠠᠬᠠᠢ ᠮᠡᠷᠬᠡᠵᠢᠯ ᠦᠨ ᠰᠤᠷᠭᠠᠭᠤᠯᠢ ᠶᠢᠨ ᠲᠤᠭᠠᠨ ᠤ ᠰᠠᠯᠪᠤᠷᠢ ᠠᠴᠠ ᠲᠡᠬᠦᠰᠴᠤ ᠂ ᠵᠢᠭᠠᠨ ᠰᠤᠷᠭᠠᠯᠳᠠ ᠶᠢᠨ ᠨᠢᠬᠡᠳᠦᠬᠡᠷ ᠹᠷᠣᠨᠲ ᠳᠤ ᠭᠠᠪᠰᠢᠭᠠᠢᠯᠠᠨ ᠠᠵᠢᠯᠯᠠᠭᠰᠠᠭᠠᠷ ᠢᠷᠡᠪᠡ ᠃ 2001ᠤᠨ ᠳᠤ ᠶᠡᠬᠡ ᠰᠤᠷᠭᠠᠭᠤᠯᠢ ᠶᠢᠨ ᠵᠢᠩᠬᠢᠨᠢ ᠠᠩᠬᠢ ᠶᠢᠨ ᠦᠨᠡᠮᠯᠡᠯ ᠭᠠᠷᠳᠠᠵᠠᠢ᠃

    2002ᠤᠨ ᠳᠤ《ᠬᠤᠳᠠ ᠶᠢᠨ ᠲᠡᠰ ᠦᠨ ᠭᠤᠤᠯᠯᠠᠭᠴᠢ ᠪᠠᠭᠰᠢ 》᠂《ᠬᠤᠳᠠ ᠶᠢᠨ ᠲᠡᠰ ᠦᠨ ᠰᠢᠯᠢᠳᠡᠭ ᠪᠠᠭᠰᠢ 》ᠵᠢᠨ ᠢᠷᠠᠭᠤ ᠠᠯᠳᠠᠷ ᠢ ᠬᠦᠷᠳᠡᠪᠡ ᠃ 2004ᠤᠨ ᠳᠤ《ᠬᠤᠳᠠ ᠶᠢᠨ ᠲᠡᠰ ᠦᠨ ᠰᠤᠷᠭᠠᠨ ᠬᠦᠮᠦᠵᠢᠯ ᠦᠨ ᠰᠤᠳᠤᠯᠭᠠᠨ ᠤ ᠲᠠᠭᠠᠭᠤᠯᠤᠭᠴᠢ 》ᠪᠡᠷ ᠰᠤᠩᠭᠤᠭᠳᠠᠪᠠ ᠃ ᠲᠤᠰ ᠨᠦᠬᠦᠷ 《ᠰᠤᠷᠤᠭᠴᠢᠳ ᠤᠨ ᠦᠪᠡᠷᠳᠡᠬᠡᠨ ᠰᠦᠪᠡᠭᠴᠢᠯᠡᠨ ᠰᠤᠷᠬᠤ ᠲᠤᠷᠰᠢᠯᠳᠠ 》᠂ 《ᠬᠢᠴᠢᠶᠡᠯ ᠦᠨ ᠶᠠᠪᠤᠴᠠ ᠶᠢ ᠪᠦᠷᠢᠨᠵᠢᠬᠦᠯᠬᠦ ᠵᠠᠭᠪᠤᠷ 》ᠵᠡᠷᠬᠡ ᠤᠯᠤᠰ ᠤᠷᠤᠨ ᠤ ᠲᠡᠰ ᠦᠨ ᠵᠢᠭᠠᠨ ᠰᠤᠷᠭᠠᠯᠳᠠ ᠵᠢᠨ ᠰᠤᠳᠤᠯᠭᠠᠨ ᠳᠤ ᠤᠷᠤᠯᠴᠠᠵᠤ ᠠᠮᠵᠢᠯᠳᠠ ᠲᠠᠢ ᠪᠡᠶᠡᠯᠡᠬᠦᠯᠦᠭᠰᠡᠨ ᠶᠤᠮ ᠃ ᠢᠯᠠᠩᠭᠤᠶ᠎ᠠ 《ᠪᠡᠶ᠎ᠡ ᠪᠠᠨ ᠲᠠᠭᠠᠭᠠᠬᠤ ᠂ᠮᠡᠳᠡᠯᠬᠡ ᠬᠠᠢᠬᠤ᠂ ᠵᠢᠭᠠᠨ ᠰᠤᠷᠭᠠᠯᠳᠠ ᠶᠢᠨ ᠲᠤᠷᠰᠢᠯᠳᠠ ᠶᠢᠨ ᠲᠤᠬᠠᠢ ᠬᠡᠳᠦᠨ ᠦᠬᠦᠯᠡᠯᠳᠡ 》ᠬᠡᠬᠦ ᠦᠬᠦᠯᠡᠯ ᠨᠢ 2003ᠤᠨ ᠳᠤ ᠤᠯᠤᠰ ᠤᠨ ᠰᠤᠷᠭᠠᠨ ᠬᠦᠮᠦᠵᠢᠯ ᠦᠨ ᠶᠠᠮᠤᠨ ᠂ ᠪᠦᠬᠦ ᠤᠯᠤᠰ ᠤᠨ 《ᠠᠷᠪᠠᠳᠤᠭᠠᠷ ᠲᠠᠪᠤᠨ ᠵᠢᠯ ᠦᠨ ᠲᠦᠯᠦᠪᠯᠡᠯᠬᠡ 》ᠵᠢᠨ ᠰᠤᠳᠤᠯᠭᠠᠨ ᠤ ᠲᠦᠰᠦᠪ ᠢ ᠤᠳᠤᠷᠢᠳᠬᠤ ᠲᠤᠭᠤᠢᠯᠠᠩ ᠵᠢᠨ ᠤᠯᠭᠤᠭᠰᠠᠨ ᠬᠤᠶᠠᠳᠤᠭᠠᠷ ᠲᠡᠰ ᠦᠨ ᠱᠠᠩᠨᠠᠯ ᠢ ᠬᠦᠷᠳᠡᠵᠡᠢ᠃

    ᠲᠤᠰ ᠨᠦᠬᠦᠷ ᠵᠢᠭᠠᠨ ᠰᠤᠷᠭᠠᠯᠳᠠ ᠪᠠ ᠵᠠᠰᠠᠭ ᠵᠠᠬᠢᠷᠭᠠᠨ ᠤ ᠪᠠᠴᠢᠮ ᠶᠠᠭᠠᠷᠠᠤ ᠠᠵᠢᠯ ᠤᠨ ᠴᠢᠯᠦᠬᠡ ᠪᠡᠷ ᠤᠷᠠᠯᠢᠭ ᠲᠠᠮᠢᠷ ᠲᠤ ᠪᠠᠬ᠎ᠠ ᠲᠠᠢ ᠤᠷᠤᠯᠴᠠᠳᠠᠭ᠃ 1991ᠤᠨ ᠳᠤ ᠤᠯᠠᠭᠠᠨᠬᠠᠳᠠ ᠬᠤᠳᠠ ᠵᠢᠨ ᠠᠵᠢᠯ ᠤᠨ ᠴᠢᠯᠦᠬᠡᠨ ᠦ ᠲᠠᠭᠤᠴᠢᠳ ᠤᠨ ᠤᠷᠤᠯᠳᠤᠭᠠᠨ ᠳᠤ ᠲᠡᠳᠡᠯᠡᠭᠰᠡᠨ ᠪᠦᠬᠡᠳ ᠰᠤᠷᠭᠠᠭᠤᠯᠢ ᠵᠢᠨ ᠰᠠᠭᠰᠤᠨ ᠪᠦᠮᠪᠦᠬᠡᠨ ᠠᠩᠬᠢ ᠪᠠᠨ ᠲᠠᠭᠠᠭᠤᠯᠤᠨ ᠬᠤᠳᠠ ᠬᠤᠰᠢᠭᠤᠨ ᠤ ᠤᠷᠤᠯᠳᠤᠭᠠᠨ ᠳᠤ ᠲᠡᠷᠢᠬᠦᠯᠡᠵᠤ ᠶᠠᠪᠤᠭᠰᠠᠨ ᠪᠦᠬᠡᠳ 2008 ᠤᠨ ᠳᠦ ᠢᠷᠠᠭᠤ ᠠᠯᠳᠠᠷᠳᠠᠢ ᠪᠠᠷ ᠪᠡᠬᠡᠵᠢᠩ ᠳᠦ ᠪᠤᠯᠤᠭᠰᠠᠨ ᠣᠯᠢᠮᠫᠢᠺ ᠤᠨ ᠲᠠᠮᠢᠷ ᠤᠨ ᠴᠤᠭᠯᠠᠭᠠᠨᠨ ᠦ ᠠᠷᠢᠭᠤᠨ ᠭᠠᠯ ᠢ ᠲᠠᠮᠵᠢᠭᠤᠯᠤᠭᠴᠢ ᠲᠠᠮᠢᠷᠴᠢᠨ ᠤ ᠨᠢᠬᠡ ᠪᠡᠷ ᠰᠤᠩᠭᠤᠭᠳᠠᠭᠰᠠᠨ ᠪᠠᠢᠨ᠎ᠠ ᠃ ᠲᠡᠷᠡ ᠵᠢᠭᠠᠨ ᠰᠤᠷᠭᠠᠯᠳᠠ ᠶᠢᠨ ᠠᠵᠢᠯ ᠢ ᠬᠤᠪᠢᠳᠠᠨ ᠬᠠᠮᠢᠶᠠᠷᠤᠭᠰᠠᠨ  ᠴᠠᠭ ᠡᠴᠠ ᠠᠪᠤᠭᠠᠳ ᠦᠪᠡᠷ  ᠦᠨ ᠨᠦᠷᠢ ᠶᠡᠬᠡ ᠴᠢᠷᠮᠠᠢᠯᠭ᠎ᠠ ᠪᠡᠷ ᠪᠠᠭᠰᠢ ᠨᠠᠷ ᠵᠢᠡᠨ ᠲᠠᠢᠴᠢᠯᠠᠵᠤ ᠤᠩᠨᠢᠭᠤᠳ ᠬᠤᠰᠢᠭᠤᠨ ᠦ ᠦᠨᠳᠦᠰᠦᠳᠡᠨ ᠦ ᠰᠤᠷᠭᠠᠨ ᠬᠦᠮᠦᠵᠢᠯ ᠦᠨ ᠬᠢᠷᠢ ᠲᠦᠪᠰᠢᠨᠨ ᠢ ᠰᠢᠨ᠎ᠡ ᠨᠢᠬᠡ ᠲᠡᠭᠳᠡᠷ ᠲᠤ ᠬᠦᠷᠬᠡᠵᠤ ᠬᠤᠳᠠ ᠵᠢᠨ ᠡᠮᠦᠨ᠎ᠡ ᠡᠩᠨᠡᠬᠡᠨ ᠳᠦ ᠲᠠᠪᠰᠢᠨ ᠤᠷᠤᠭᠤᠯᠤᠭᠰᠠᠨ  ᠪᠠᠢᠨ᠎ᠠ ᠃ ᠲᠡᠷᠡ ᠪᠡᠷ ᠢᠷᠠᠭᠤ ᠠᠯᠳᠠᠷ ᠪᠠ ᠠᠮᠵᠢᠯᠳᠠ ᠪᠦᠳᠦᠮᠵᠢ ᠶᠢᠨ ᠡᠮᠦᠨ᠎ᠡ ᠨᠡᠩ ᠲᠠᠷᠤᠤ ᠬᠢᠴᠢᠶᠡᠩᠭᠦᠢ ᠪᠠᠢᠵᠤ ᠦᠨᠳᠦᠰᠦᠳᠡᠨ ᠦ ᠰᠤᠷᠭᠠᠨ ᠬᠦᠮᠦᠵᠢᠯ ᠦᠨ ᠠᠤᠭ᠎ᠠ ᠦᠢᠯᠡᠰ ᠲᠦ ᠵᠢᠷᠦᠬᠡᠨ ᠲᠠᠮᠢᠷ ᠵᠢᠡᠨ ᠵᠢᠳᠬᠦᠨ ᠠᠵᠢᠯᠯᠭᠰᠠᠭᠠᠷ ᠪᠠᠢᠭ᠎ᠠ ᠶᠤᠮ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )