ᠨᠡᠷᠡᠳᠤ ᠪᠠᠭᠰᠢ ᠶᠢᠨ ᠲᠠᠪᠴᠠᠩ
ᠬᠤᠳᠠ ᠵᠢᠨ《 ᠰᠤᠷᠭᠠᠨ ᠬᠦᠮᠦᠵᠢᠯ ᠦᠨ ᠲᠡᠷᠢᠬᠦᠨ ᠦ ᠠᠵᠢᠯᠳᠠᠨ》ᠪᠢᠰᠢᠷᠡᠯᠳᠤ ᠪᠠᠭᠰᠢ
2016.05.24 ᠲᠣᠰ ᠥᠷᠲᠡᠭᠡᠨ ᠦ ᠨᠠᠢᠷᠠᠭᠤᠯᠤᠭᠴᠢ

 

 

  (ᠪᠢᠰᠢᠷᠡᠯᠳᠤ ᠪᠠᠭᠰᠢ ᠬᠡᠯᠡᠨ ᠦ ᠶᠡᠷᠦᠩᠬᠡᠢᠯᠡᠭᠰᠡᠨ ᠲᠤᠭᠤᠢᠯᠠᠩ ᠤᠨ ᠪᠠᠭᠰᠢᠨᠠᠷ ᠲᠠᠢ ᠬᠠᠮᠳᠤ᠂ ᠲᠤᠮᠳᠠᠬᠢ ᠴᠡᠩᠬᠡᠷ ᠲᠡᠪᠡᠯ ᠲᠠᠢ ᠨᠢ ᠪᠢᠰᠢᠷᠡᠯᠳᠤ ᠪᠠᠭᠰᠢ)

 

    ᠪᠢᠰᠢᠷᠡᠯᠳᠤ ᠂ ᠲᠤᠮᠳᠠᠳᠤ ᠤᠯᠤᠰ ᠤᠨ ᠭᠠᠵᠠᠷ ᠵᠦᠢ ᠶᠢᠨ ᠨᠡᠢᠬᠡᠮᠯᠢᠭ ᠦᠨ ᠬᠡᠰᠢᠬᠦᠨ᠂ᠲᠤᠮᠳᠠᠳᠤ ᠰᠤᠷᠭᠠᠭᠤᠯᠢ ᠶᠢᠨ ᠲᠡᠬᠡᠳᠦ ᠲᠡᠰ ᠦᠨ ᠪᠠᠭᠰᠢ ᠃ 1952 ᠤᠨ ᠤ  10 ᠰᠠᠷ᠎ᠠ ᠳᠤ ᠤᠩᠨᠢᠭᠤᠳ ᠬᠤᠰᠢᠭᠤᠨ ᠤ ᠤᠤᠯ ᠤᠨ ᠪᠦᠯᠢᠶᠡᠨ ᠰᠤᠮᠤᠨ ᠤ ᠷᠠᠰᠢᠶᠠᠨ ᠭᠠᠴᠠᠭ᠎ᠠ ᠵᠢᠨ ᠬᠢᠶᠠᠨᠠᠷ ᠤᠪᠤᠭᠳᠤ ᠮᠠᠯᠴᠢᠨ ᠤ ᠬᠡᠷ ᠲᠦ ᠲᠦᠷᠦᠵᠡᠢ ᠃ ᠪᠠᠭ᠎ᠠ ᠨᠠᠰᠤᠨ ᠳᠤ ᠪᠠᠨ ᠬᠤᠷᠠᠬᠤ ᠪᠦᠷᠢᠨ ᠪᠠᠭ᠎ᠠ ᠰᠤᠷᠭᠠᠭᠤᠯᠢ ᠠᠴᠠ ᠤᠨᠴᠠ ᠰᠤᠷᠤᠯᠭ᠎ᠠ ᠲᠠᠢ ᠲᠡᠬᠦᠰᠤᠦ ᠬᠠᠢᠯᠠᠰᠤ ᠲᠤᠮᠳᠠᠳᠤ ᠰᠤᠷᠭᠠᠭᠤᠯᠢ ᠳᠤ ᠲᠠᠪᠰᠢᠨ ᠰᠤᠷᠤᠯᠴᠠᠪᠠ ᠃ 1966ᠤᠨ ᠳᠤ ᠰᠤᠷᠬᠤ ᠵᠢᠨ ᠰᠠᠢᠬᠠᠨ ᠨᠠᠰᠤᠨ ᠪᠠᠨ《 ᠰᠤᠶᠤᠯ ᠤᠨ ᠬᠤᠪᠢᠰᠬᠠᠯ》 ᠳᠦ ᠲᠠᠯᠬᠢᠭᠳᠠᠭᠤᠯᠵᠤ᠂ ᠨᠤᠳᠤᠭ ᠲᠠᠭᠠᠨ ᠪᠤᠴᠠᠵᠤ ᠬᠦᠳᠡᠯᠮᠤᠷᠢᠯᠡᠵᠡᠢ ᠃ ᠲᠡᠷᠡ ᠮᠠᠨᠢ ᠬᠦᠨᠳᠤ ᠬᠡᠴᠡᠬᠦᠦ ᠬᠦᠳᠡᠯᠮᠤᠷᠢ ᠠᠳᠠᠯ ᠳᠦ ᠬᠦᠴᠢᠷ ᠢ ᠢᠯᠡᠬᠤ ᠬᠠᠳᠠᠭᠤ ᠰᠦᠰᠤ ᠶᠢ ᠰᠢᠷᠭᠠᠭᠠᠵᠤ᠂ᠦᠶᠦᠭ ᠵᠤᠵᠠᠭᠠᠨ ᠮᠤᠩᠭᠤᠯ ᠠᠮᠢᠳᠤᠷᠠᠯ ᠤᠨ ᠬᠦᠷᠦᠰᠤᠨ ᠠᠴᠠ ᠦᠪ ᠰᠤᠶᠤᠯ ᠤᠨ ᠬᠦᠭ ᠠᠶᠠᠰ  ᠢ ᠬᠠᠢᠵᠤ᠂ᠦᠪᠡᠷᠳᠡᠬᠡᠨ ᠰᠤᠷᠬᠤ ᠦᠭᠰᠦᠬᠡ ᠲᠠᠢ ᠵᠠᠮ ᠵᠢᠡᠷ ᠤᠢ ᠪᠢᠯᠢᠭ ᠵᠢᠡᠨ ᠬᠤᠷᠴᠠᠯᠠᠵᠤ ᠶᠠᠪᠤᠭᠰᠠᠨ ᠵᠢᠡᠷ ᠤᠯᠠᠨ ᠵᠦᠢᠯ ᠳᠦ ᠴᠠᠭᠠᠷᠠᠨ ᠮᠡᠷᠬᠡᠰᠢᠵᠡᠢ ᠃ ᠲᠡᠷᠡ ᠪᠡᠷ 1973 ᠤᠨ ᠤ  9 ᠰᠠᠷ᠎ᠠ ᠳᠤ ᠪᠦᠯᠢᠶᠡᠨ ᠲᠤᠮᠳᠠᠳᠤ ᠰᠤᠷᠭᠠᠭᠤᠯᠢ ᠳᠤ ᠡᠬᠢᠯᠡᠨ ᠪᠠᠭᠰᠢᠯᠠᠪᠠ ᠃ 1978ᠤᠨ ᠳᠤ ᠵᠤᠤ ᠤᠳᠠ ᠮᠤᠩᠭᠤᠯ ᠦᠨᠳᠦᠰᠦᠳᠡᠨ ᠦ ᠪᠠᠭᠰᠢ ᠶᠢᠨ ᠲᠤᠰᠠᠬᠠᠢ ᠮᠡᠷᠬᠡᠵᠢᠯ ᠦᠨ ᠰᠤᠷᠭᠠᠭᠤᠯᠢ ᠳᠤ ᠰᠢᠯᠭᠠᠨ ᠤᠷᠤᠵᠤ ᠂ 1980ᠤᠨ ᠳᠤ ᠰᠤᠷᠤᠯᠭ᠎ᠠ ᠲᠡᠬᠦᠰᠴᠤ ᠤᠩᠨᠢᠭᠤᠳ ᠬᠤᠰᠢᠭᠤᠨ ᠤ ᠪᠤᠷᠤᠬᠤᠳᠠ ᠮᠤᠩᠭᠤᠯ ᠲᠤᠮᠳᠠᠳᠤ ᠰᠤᠷᠭᠠᠭᠤᠯᠢ ᠳᠤ ᠪᠠᠭᠰᠢᠯᠠᠵᠠᠢ᠃ᠭᠤᠴᠢ ᠭᠠᠷᠤᠢ ᠵᠢᠯ ᠦᠨ ᠵᠢᠭᠠᠨ ᠰᠤᠷᠭᠠᠯᠳᠠ ᠲᠤᠮᠳᠠ ᠦᠨᠳᠦᠰᠦᠳᠡᠨ ᠦ ᠰᠤᠷᠭᠠᠨ ᠬᠦᠮᠦᠵᠢᠯ ᠦᠨ ᠦᠢᠯᠡᠰ ᠲᠦ ᠤᠶᠤᠨ ᠰᠠᠨᠠᠭ᠎ᠠ ᠪᠠᠨ ᠰᠢᠪᠬᠠᠨ ᠵᠢᠳᠬᠦᠵᠤ ᠂ ᠤᠷᠢᠳ ᠬᠤᠵᠢᠳ 《 ᠵᠢᠱᠢᠶᠡᠴᠢ ᠪᠠᠭᠰᠢ》 ᠂ 《 ᠨᠠᠮ ᠤᠨ ᠰᠢᠯᠢᠳᠡᠭ ᠬᠡᠰᠢᠬᠦᠨ》 ᠂ 《ᠮᠤᠩᠭᠤᠯ ᠬᠡᠯᠡ ᠪᠢᠴᠢᠭ᠌ ᠰᠤᠷᠴᠤ ᠬᠡᠷᠡᠭᠯᠡᠭᠰᠡᠨ ᠲᠡᠷᠢᠬᠦᠨ ᠦ ᠬᠤᠪᠢ ᠬᠦᠮᠤᠨ》 ᠵᠡᠷᠬᠡ ᠲᠣᠪᠴᠢᠶ᠎ᠠ ᠪᠠ ᠬᠤᠰᠢᠭᠤᠨ ᠤ ᠲᠡᠰ ᠦᠨ ᠱᠠᠩᠨᠠᠯ ᠬᠦᠬᠢᠬᠦᠯᠦᠯ  ᠢ ᠤᠯᠠᠨᠳᠠ ᠭᠠᠷᠳᠠᠭᠰᠠᠨ ᠪᠦᠬᠡᠳ 1989 ᠤᠨ ᠳᠤ ᠤᠯᠠᠭᠠᠨᠬᠠᠳᠠ ᠬᠤᠳᠠ ᠶᠢᠨ ᠵᠠᠰᠠᠭ ᠤᠨ ᠤᠷᠳᠤᠨ ᠤ 《 ᠲᠡᠷᠢᠬᠦᠨ ᠦ ᠰᠤᠷᠭᠠᠨ ᠬᠦᠮᠦᠵᠢᠯ ᠦᠨ ᠠᠵᠢᠯᠳᠠᠨ》  ᠴᠤᠯᠠ ᠤᠯᠵᠠᠢ᠃

    ᠲᠡᠬᠦᠨ ᠦ ᠪᠢᠴᠢᠭᠰᠡᠨ 《ᠲᠤᠮᠳᠠᠳᠤ ᠰᠤᠷᠭᠠᠭᠤᠯᠢ ᠶᠢᠨ ᠭᠠᠵᠠᠷ ᠵᠦᠢ ᠶᠢᠨ ᠵᠢᠭᠠᠨ ᠰᠤᠷᠭᠠᠯᠳᠠ ᠳᠤ ᠭᠠᠵᠠᠷ ᠤᠨ ᠵᠢᠷᠤᠭ ᠢ ᠬᠡᠷᠬᠢᠨ ᠬᠡᠷᠡᠭᠯᠡᠬᠦ ᠪᠤᠢ》 ᠂ 《ᠭᠠᠵᠠᠷ ᠵᠦᠢ ᠶᠢᠨ ᠳᠠᠪᠲᠠᠯᠭ᠎ᠠ ᠪᠠ ᠭᠠᠵᠠᠷ ᠤᠨ ᠵᠢᠷᠤᠭ》 ᠂ 《ᠤᠢ ᠰᠢᠭᠤᠢ ᠬᠢᠬᠡᠳ ᠤᠷᠴᠢᠨ ᠲᠤᠭᠤᠷᠢᠨ》 ᠵᠡᠷᠬᠡ ᠨᠢ ᠤᠷᠤᠨ ᠬᠤᠳᠠ ᠵᠢᠨ ᠰᠤᠨᠢᠨ ᠡᠷᠳᠡᠮ ᠰᠢᠨᠵᠢᠯᠡᠬᠡᠨ ᠦ ᠰᠡᠳᠬᠦᠯ ᠳᠦ ᠨᠡᠢᠳᠡᠯᠡᠭᠳᠡᠵᠤ᠂ᠤᠯᠤᠰ ᠪᠠ ᠤᠷᠤᠨ ᠬᠤᠳᠠ ᠵᠢᠨ ᠱᠠᠩᠨᠠᠯ ᠢ ᠲᠤᠰᠴᠠᠢ ᠃ ᠲᠡᠬᠦᠨ ᠦ ᠵᠢᠯᠤᠭᠤᠳᠤᠨ ᠪᠦᠳᠦᠬᠡᠭᠰᠡᠨ 《ᠭᠠᠵᠠᠷ ᠬᠦᠳᠡᠯᠤᠯᠳᠡ ᠵᠢᠨ ᠮᠡᠳᠡᠬᠡᠯᠡᠬᠦᠷ 》ᠨᠢ ᠤᠯᠠᠭᠠᠨᠬᠠᠳᠠ ᠬᠤᠳᠠ ᠵᠢᠨ ᠰᠤᠷᠭᠠᠨ ᠬᠦᠮᠦᠵᠢᠯ ᠦᠨ ᠲᠣᠪᠴᠢᠶ᠎ᠠ᠂ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠦᠨ ᠨᠡᠢᠬᠡᠮᠯᠢᠭ ᠦᠨ ᠨᠢᠬᠡᠳᠦᠬᠡᠷ ᠲᠡᠰ ᠦᠨ ᠱᠠᠩᠨᠠᠯ ᠬᠦᠷᠳᠡᠵᠡᠢ᠃

    ᠲᠡᠷᠡ ᠪᠠᠰᠠ 《ᠡᠷᠬᠢᠬᠦᠦ ᠰᠢᠳᠠᠮ ᠡᠵᠡᠨ ᠳᠦ ᠪᠡᠨ 》 ᠂ 《 ᠤᠪᠤᠭᠠᠨ ᠲᠡᠬᠡᠷᠡᠬᠢ ᠠᠭᠤᠯᠵᠢᠯᠳᠠ》 ᠵᠡᠷᠬᠡ ᠦᠬᠦᠯᠡᠯᠬᠡ ᠂ 《ᠨᠤᠳᠤᠭ ᠤᠨ ᠰᠢᠯᠦᠭ》 ᠂ 《ᠤᠩᠨᠢᠭᠤᠳ ᠨᠤᠳᠤᠭ ᠤᠨ ᠮᠠᠭᠳᠠᠭᠤ》 ᠂ 《ᠬᠣᠯᠪᠤᠭ᠎ᠠ ᠶᠢᠨ ᠮᠠᠭᠳᠠᠭᠤ》᠂ 《ᠡᠬᠡ ᠰᠤᠷᠭᠠᠭᠤᠯᠢ ᠮᠢᠨᠢ᠂ᠰᠤᠷᠤᠭᠴᠢ ᠴᠢᠨᠢ ᠪᠢ ᠢᠷᠡᠯ᠎ᠡ》ᠬᠡᠬᠦ ᠰᠢᠯᠦᠭ ᠬᠣᠯᠪᠤᠭ᠎ᠠ ᠵᠤᠬᠢᠶᠠᠨ ᠨᠡᠢᠳᠡᠯᠡᠬᠦᠯᠵᠤ᠂ᠵᠠᠷᠢᠮ ᠪᠦᠳᠦᠬᠡᠯ ᠢ ᠨᠢ ᠬᠤᠰᠢᠭᠤ ᠤᠯᠠᠭᠠᠨᠮᠦ᠋ᠴᠢᠷ ᠨᠢ ᠤᠷᠠᠯᠢᠭ ᠤᠨ ᠪᠦᠳᠦᠬᠡᠯ ᠪᠤᠯᠭᠠᠨ ᠲᠤᠭᠯᠠᠭᠰᠠᠨ ᠪᠠᠢᠨ᠎ᠠ ᠃ 《ᠠᠷᠠᠳ ᠤᠨ ᠲᠠᠭᠤᠤ》ᠰᠧᠯᠧ ᠯᠠᠮᠠ》 ᠂ 《ᠵᠧᠳᠡᠷ ᠨᠠ ᠨᠠ》 ᠶᠢ ᠡᠮᠬᠢᠳᠬᠡᠵᠤ ᠂ 《ᠮᠤᠩᠭᠤᠯ ᠠᠷᠠᠳ ᠤᠨ ᠮᠢᠩᠭᠠᠨ ᠲᠠᠭᠤᠤ》 ᠳᠤ ᠲᠡᠬᠦᠪᠦᠷᠢᠯᠡᠬᠦᠯᠦᠭᠰᠡᠨ ᠪᠦᠬᠡᠳ《 ᠪᠤᠶᠠᠨᠳᠠᠢ ᠨᠤᠳᠤᠭ ᠪᠦᠯᠢᠶᠡᠨ ᠮᠢᠨᠢ》 ᠂《 ᠬᠦᠳᠡᠬᠡ ᠮᠢᠨᠢ 》 ᠂ 《ᠲᠤᠢᠭ ᠤᠨ ᠲᠠᠭᠤᠤ》᠂《ᠬᠠᠯᠠᠭᠤᠬᠠᠨ ᠰᠠᠨᠠᠭᠳᠠᠬᠤ ᠬᠠᠢᠯᠠᠰᠤ ᠶᠢᠨ ᠠᠭᠤᠯᠠ》 ᠂《 ᠢᠷᠠᠭᠤ ᠰᠤᠳᠤᠨ ᠡᠬᠡ ᠬᠡᠯᠡ ᠮᠢᠨᠢ》 ᠂ 《ᠬᠠᠢᠷ᠎ᠠ ᠶᠢᠨ ᠲᠠᠩᠭᠠᠷᠠᠭ》 ᠂ 《ᠰᠠᠭᠠᠯᠢᠴᠢᠳ ᠤᠨ ᠲᠠᠭᠤᠤ》ᠬᠡᠬᠦ ᠲᠠᠭᠤᠤ ᠶᠢᠨ ᠪᠦᠳᠦᠬᠡᠯ ᠵᠢᠡᠨ《ᠬᠤᠨ ᠭᠠᠯᠠᠭᠤ》᠂ 《ᠲᠠᠯ᠎ᠠ ᠶᠢᠨ ᠲᠠᠭᠤᠯᠠᠯ》ᠰᠡᠳᠬᠦᠯ ᠳᠦ ᠨᠡᠢᠳᠡᠯᠡᠬᠦᠯᠵᠤ ᠂ 《ᠬᠣᠷᠸ᠎ᠠ ᠶᠢᠨ ᠡᠬᠡᠰᠢᠭ》 ᠂ 《 ᠲᠠᠯ᠎ᠠ ᠨᠤᠳᠤᠭ ᠤᠨ ᠰᠢᠨ᠎ᠡ ᠲᠠᠭᠤᠤ》ᠵᠡᠷᠬᠡ ᠲᠡᠬᠦᠪᠦᠷᠢ ᠳᠦ ᠤᠷᠤᠭᠤᠯᠵᠠᠢ ᠃ ᠲᠡᠷᠡ ᠮᠦᠨ ᠠᠵᠢᠯ ᠤᠨ ᠴᠢᠯᠦᠬᠡ ᠪᠡᠷ ᠵᠢᠡᠨ ᠦᠨᠳᠦᠰᠦᠳᠡᠨ ᠦ ᠤᠨᠴᠠᠯᠢᠭ  ᠲᠠᠢ ᠲᠤᠭᠯᠠᠯᠳᠠ ᠶᠢᠨ ᠮᠠᠲ᠋ᠧᠷᠢᠶᠠᠯ ᠤᠯᠠᠨ ᠵᠤᠬᠢᠶᠠᠵᠤ ᠂ ᠤᠷᠤᠨ ᠨᠤᠳᠤᠭ ᠂ ᠰᠤᠷᠭᠠᠭᠤᠯᠢ ᠶᠢᠨ ᠬᠦᠷᠢᠶᠡᠨ ᠦ ᠰᠤᠶᠤᠯ ᠤᠷᠠᠯᠢᠭ ᠤᠨ ᠠᠮᠢᠳᠤᠷᠠᠯ ᠢ ᠪᠠᠶᠠᠯᠢᠭᠵᠢᠭᠤᠯᠤᠭᠰᠠᠭᠠᠷ ᠢᠷᠡᠭᠰᠡᠨ ᠶᠤᠮ ᠃ 《ᠨᠤᠳᠤᠭ ᠤᠨ ᠬᠤᠪᠢᠷᠠᠯᠳᠠ》ᠬᠡᠳᠡᠭ ᠲᠦᠷᠰᠦᠯᠡᠯᠳᠤ ᠲᠠᠭᠤᠯᠠᠯ ᠵᠢᠡᠷ ᠵᠢᠡᠨ ᠵᠤᠤ ᠤᠳᠠ ᠠᠢᠮᠠᠭ ᠤᠨ ᠲᠤᠮᠳᠠᠳᠤ ᠪᠠᠭ᠎ᠠ ᠰᠤᠷᠭᠠᠭᠤᠯᠢ ᠶᠢᠨ ᠤᠷᠠᠨ ᠰᠠᠢᠬᠠᠨ ᠤ ᠮᠦᠷᠦᠢᠴᠡᠬᠡᠨ ᠳᠦ 《ᠰᠢᠯᠢᠳᠡᠭ ᠨᠠᠢᠷᠠᠭᠤᠯᠤᠨ ᠤᠳᠤᠷᠢᠳᠤᠭᠠᠴᠢ 》ᠵᠢᠨ ᠱᠠᠩᠨᠠᠯ ᠢ ᠲᠤᠰᠤᠭᠰᠠᠨ ᠤᠳᠠᠭ᠎ᠠ ᠴᠤ ᠪᠤᠢ ᠃ ᠲᠡᠷᠡ ᠬᠤᠰᠢᠭᠤᠨ ᠤ 《ᠲᠠᠭᠤᠤ ᠬᠦᠭᠵᠢᠮ ᠦᠨ ᠨᠡᠢᠬᠡᠮᠯᠢᠭ 》 ᠤ᠋ᠨ ᠨᠠᠷᠢᠨ ᠪᠢᠴᠢᠭ᠌ ᠦᠨ ᠳᠠᠷᠤᠭ᠎ᠠ ᠵᠢᠨ ᠨᠡᠢᠬᠡᠮ ᠦᠨ ᠲᠤᠰᠢᠶᠠᠯ ᠢ ᠡᠬᠦᠷᠬᠡᠯᠡᠵᠤ ᠦᠩᠬᠡᠷᠡᠭᠰᠡᠨ ᠪᠦᠬᠡᠳ ᠤᠩᠨᠢᠭᠤᠳ ᠬᠤᠰᠢᠭᠤᠨ ᠤ ᠤᠳᠭ᠎ᠠ ᠤᠷᠠᠯᠢᠭ ᠤᠨ ᠦᠢᠯᠡᠰ ᠲᠦ ᠨᠡᠮᠡᠬᠦᠷᠢ ᠬᠠᠨᠳᠢᠪ ᠵᠢᠡᠨ ᠡᠷᠬᠦᠵᠤ ᠶᠠᠪᠤᠭᠰᠠᠨ ᠶᠤᠮ᠃

    ᠨᠦᠬᠦᠷ ᠪᠢᠰᠢᠷᠡᠯᠳᠤ ᠤᠨᠠᠭᠰᠠᠨ ᠰᠢᠷᠦᠢ ᠤᠤᠭᠤᠭᠰᠠᠨ ᠤᠰᠤᠨ ᠳᠤ ᠪᠠᠨ ᠦᠪᠡᠷ ᠦᠨ ᠠᠯᠢᠪᠠ ᠪᠠᠨ ᠡᠷᠬᠦᠬᠦ ᠬᠡᠵᠤ ᠬᠤᠵᠢᠭᠤᠬᠠᠨ ᠪᠠᠢᠭᠤᠯᠤᠭᠳᠠᠭᠰᠠᠨ ᠬᠤᠰᠢᠭᠤᠨ ᠲᠦᠪ ᠳᠡᠬᠢ ᠮᠤᠩᠭᠤᠯ ᠲᠤᠮᠳᠠᠳᠤ ᠰᠤᠷᠭᠠᠭᠤᠯᠢ ᠵᠢᠨ ᠬᠦᠷᠢᠶᠡᠨ᠎ᠡ ᠭᠤᠴᠢ ᠭᠠᠷᠤᠢ ᠬᠠᠪᠤᠷ ᠨᠠᠮᠤᠷ ᠢ ᠤᠭᠳᠤᠨ ᠦᠳᠡᠬᠦ ᠳ᠋ᠦ ᠪᠡᠨ ᠠᠩᠬᠢ ᠶᠢᠨ ᠡᠷᠬᠢᠯᠡᠭᠴᠢ ᠂ ᠬᠢᠴᠢᠶᠡᠯ ᠬᠦᠮᠦᠵᠢᠯ ᠦᠨ ᠡᠷᠬᠢᠯᠡᠭᠴᠢ ᠂ ᠳᠡᠳ᠋ ᠵᠠᠬᠢᠷᠤᠯ ᠂ ᠨᠠᠮ ᠤᠨ ᠡᠬᠦᠷ ᠦᠨ ᠱᠦᠵᠢ ᠵᠢᠨ ᠲᠤᠰᠢᠶᠠᠯ ᠳᠤ ᠠᠯᠭᠠᠰᠠᠯ ᠦᠬᠡᠢ ᠱᠤᠭᠰᠢᠵᠠᠢ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )