ᠨᠡᠷᠡᠳᠤ ᠪᠠᠭᠰᠢ ᠶᠢᠨ ᠲᠠᠪᠴᠠᠩ
ᠤᠷᠤᠨ ᠤ ᠬᠢᠴᠢᠶᠡᠯ ᠲᠦᠷᠦᠯ  ᠦᠨ ᠲᠠᠭᠠᠭᠤᠯᠤᠭᠴᠢ ᠴᠤᠭᠳᠤ
2016.05.20 ᠲᠣᠰ ᠥᠷᠲᠡᠭᠡᠨ ᠦ ᠨᠠᠢᠷᠠᠭᠤᠯᠤᠭᠴᠢ

 

  

 

    ᠴᠤᠭᠳᠤ ᠂ 1972 ᠤᠨ ᠤ 1 ᠰᠠᠷ᠎ᠠ 9 ᠳᠤ ᠣᠩᠨᠢᠭᠤᠳ ᠬᠤᠰᠢᠭᠤᠨ ᠤ ᠬᠡᠷᠰᠡᠩ ᠰᠤᠮᠤ ᠶᠢᠨ ᠤᠪᠤᠭᠠᠰᠠᠴᠢ ᠭᠠᠴᠠᠭ᠎ᠠ  ᠵᠢᠨ ᠮᠠᠯᠴᠢᠨ ᠲᠠᠩᠭᠤᠳ ᠤᠪᠤᠭ ᠤᠨ ᠲᠠᠨᠭᠰᠠᠷᠠᠪᠬᠤ᠎ᠠ ᠂ ᠪᠤᠷᠵᠢᠬᠢᠨ ᠤᠪᠤᠭ ᠦᠨ ᠡᠷᠳᠡᠨᠢᠴᠢᠮᠡᠭ  ᠦᠨ ᠵᠢᠷᠭᠤᠳᠤᠭᠠᠷ ᠬᠡᠦᠬᠡᠳ ᠨᠢ ᠪᠤᠯᠵᠤ ᠵᠠᠶᠠᠭᠠᠵᠠᠢ ᠃

    1994 ᠤᠨ ᠤ 7 ᠰᠠᠷ᠎ᠠ ᠳᠤ ᠵᠤᠤ ᠤᠳᠠ ᠮᠣᠩᠭᠤᠯ ᠦᠨᠳᠦᠰᠦᠳᠡᠨ ᠦ ᠪᠠᠭᠰᠢ ᠶᠢᠨ ᠲᠤᠰᠠᠬᠠᠢ ᠮᠡᠷᠬᠡᠵᠢᠯ ᠦᠨ ᠰᠤᠷᠭᠠᠭᠤᠯᠢ ᠵᠢᠨ ᠮᠣᠩᠭᠤᠯ ᠬᠡᠯᠡ ᠣᠣᠠᠬ᠎ᠠ ᠵᠤᠬᠢᠶᠠᠯ ᠤᠨ ᠰᠠᠯᠪᠤᠷᠢ ᠡᠴᠠ ᠲᠡᠬᠦᠰᠴᠤ ᠬᠠᠢᠯᠠᠰᠤ ᠳᠡᠬᠢ ᠮᠣᠩᠭᠤᠯ ᠦᠨᠳᠦᠰᠦᠳᠡᠨ ᠦ ᠲᠤᠮᠳᠠᠳᠤ ᠰᠤᠷᠭᠠᠭᠤᠯᠢ ᠳᠤ ᠮᠣᠩᠭᠤᠯ ᠬᠡᠯᠡᠨ ᠦ ᠬᠢᠴᠢᠶᠡᠯ ᠵᠢᠭᠠᠪᠠ ᠃ 1998 ᠤᠨ ᠤ 4 ᠰᠠᠷ᠎ᠠ ᠳᠤ ᠪᠤᠷᠤᠬᠤᠳᠠ ᠮᠣᠩᠭᠤᠯ ᠦᠨᠳᠦᠰᠦᠳᠡᠨ ᠦ ᠲᠤᠮᠳᠠᠳᠤ ᠰᠤᠷᠭᠠᠭᠤᠯᠢ ᠳᠤ ᠠᠵᠢᠯ ᠰᠢᠯᠵᠢᠨ ᠠᠩᠬ᠎ᠠ ᠲᠤᠮᠳᠠᠳᠤ ᠶᠢᠨ ᠮᠣᠩᠭᠤᠯ ᠬᠡᠯᠡ ᠂ ᠰᠤᠷᠭᠠᠭᠤᠯᠢ ᠶᠢᠨ ᠡᠪᠯᠡᠯ ᠦᠨ ᠬᠤᠷᠢᠶᠠᠨ ᠤ ᠱᠦᠵᠢ᠂ ᠵᠢᠭᠠᠬᠤ ᠶᠢ ᠰᠤᠳᠤᠯᠬᠤ ᠭᠠᠵᠠᠷ ᠤᠨ ᠡᠷᠬᠢᠯᠡᠭᠴᠢ ᠂ ᠤᠯᠤᠰ ᠲᠦᠷᠦ ᠬᠦᠮᠦᠵᠢᠯ ᠦᠨ ᠭᠠᠵᠠᠷ ᠤᠨ ᠳᠡᠳ᠋ ᠡᠷᠬᠢᠯᠡᠭᠴᠢ ᠵᠡᠷᠬᠡ ᠡᠬᠦᠷᠬᠡ ᠲᠤᠰᠢᠶᠠᠯ ᠢ ᠡᠬᠦᠷᠬᠡᠯᠡᠵᠤ ᠪᠠᠢᠭᠰᠠᠨ ᠵᠢᠡᠨ ᠤᠳᠤ ᠬᠢᠴᠢᠶᠡᠯ ᠬᠦᠮᠦᠵᠢᠯ ᠦᠨ ᠡᠷᠬᠢᠯᠡᠭᠴᠢ ᠪᠡᠷ ᠠᠵᠢᠯᠯᠠᠵᠤ ᠪᠠᠢᠭ᠎ᠠ ᠃ ᠲᠤᠮᠳᠠᠳᠤ ᠰᠤᠷᠭᠠᠭᠤᠯᠢ ᠶᠢᠨ ᠲᠡᠭᠡᠳᠦ ᠲᠡᠰ ᠦᠨ ᠪᠠᠭᠰᠢ᠃

    ᠬᠤᠷᠢ ᠭᠠᠷᠤᠢ ᠵᠢᠯ ᠰᠤᠷᠭᠠᠨ ᠬᠦᠮᠦᠵᠢᠯ ᠦᠨ ᠠᠵᠢᠯ ᠳᠤ ᠤᠢᠭ᠎ᠠ ᠦᠬᠡᠢ ᠵᠢᠳᠬᠦᠵᠤ ᠲᠤᠰᠠᠬᠠᠢᠯᠠᠭᠰᠠᠨ ᠠᠵᠢᠯ ᠳᠦ ᠪᠡᠨ ᠲᠠᠰᠤᠷᠠᠯᠳᠠ ᠦᠬᠡᠢ ᠠᠮᠵᠢᠯᠳᠠ ᠭᠠᠷᠭᠠᠭᠰᠠᠭᠠᠷ ᠢᠷᠡᠪᠡ ᠃ 2001—2003 ᠤᠨ ᠳᠤ ᠬᠤᠰᠢᠭᠤ ᠵᠠᠰᠠᠭ ᠤᠨ ᠤᠷᠳᠤᠨ ᠤ《 ᠬᠦᠬᠢᠬᠦᠯᠦᠯ ᠦᠨ ᠱᠠᠩᠨᠠᠯ 》 ᠂ 《 ᠭᠤᠷᠪᠠᠳᠤᠭᠠᠷ ᠲᠡᠰ ᠦᠨ ᠭᠠᠪᠢᠶ᠎ᠠ ᠲᠡᠮᠳᠡᠭᠯᠡᠬᠦ 》 ᠱᠠᠩᠨᠠᠯ  ᠂ 2003 ᠤᠨ ᠳᠤ ᠬᠤᠰᠢᠭᠤᠨ ᠲᠡᠰ ᠦᠨ 《 ᠵᠢᠭᠠᠨ ᠰᠤᠷᠭᠠᠬᠤ ᠴᠢᠳᠠᠪᠤᠷᠢᠳᠠᠨ 》᠂ ᠬᠤᠳᠠ ᠶᠢᠨ ᠲᠡᠰ ᠦᠨ 《 ᠵᠢᠭᠠᠨ ᠰᠤᠷᠭᠠᠬᠤ ᠴᠢᠳᠠᠪᠤᠷᠢᠳᠠᠨ 》 ᠂ 2007 ᠤᠨ  ᠤ  9 ᠰᠠᠷ᠎ᠠ  ᠳᠤ ᠬᠤᠰᠢᠭᠤᠨ ᠲᠡᠰ ᠦᠨ 《 ᠵᠢᠱᠢᠶᠡᠴᠢ ᠪᠠᠭᠰᠢ 》 ᠂ 《 ᠰᠢᠯᠢᠳᠡᠭ ᠠᠩᠭᠢ ᠡᠷᠬᠢᠯᠡᠭᠴᠢ 》 ᠪᠡᠷ ᠦᠨᠡᠯᠡᠭᠳᠡᠪᠡ ᠃ 1998 ᠤᠨ ᠠᠴᠠ ᠨᠠᠰᠢ 《 ᠠᠩᠭᠢ ᠶᠢᠨ ᠡᠷᠬᠢᠯᠡᠭᠴᠢ ᠵᠢᠨ ᠵᠠᠷᠢᠮ ᠴᠢᠳᠠᠪᠤᠷᠢ ᠵᠢᠨ ᠲᠤᠬᠠᠢ ᠦᠬᠦᠯᠡᠬᠦ ᠨᠢ 》 (《 ᠰᠤᠷᠭᠠᠨ ᠬᠦᠮᠦᠵᠢᠯ 》)《 ᠬᠢᠴᠢᠶᠡᠯ ᠦᠨ ᠲᠢᠩᠬᠢᠮ ᠦᠨ ᠵᠢᠭᠠᠨ ᠰᠤᠷᠭᠠᠯᠳᠠ ᠲᠤᠮᠳᠠ ᠰᠤᠷᠤᠭᠴᠢ ᠵᠢᠨ ᠭᠤᠤᠯ ᠴᠤᠭᠴᠠ ᠵᠢᠨ ᠦᠢᠯᠡᠳᠦᠯ  ᠢ ᠪᠠᠳᠠᠷᠠᠭᠤᠯᠬᠤ ᠬᠡᠳᠦᠨ ᠨᠦᠬᠦᠴᠡᠯ 》(ᠤᠷᠤᠨ ᠤ ᠬᠤᠶᠠᠳᠤᠭᠠᠷ ᠲᠡᠰ)《 ᠮᠣᠩᠭᠤᠯ ᠬᠡᠯᠡᠨ  ᠦ ᠬᠢᠴᠢᠶᠡᠯ ᠦᠨ ᠦᠬᠡᠷᠡᠴᠢᠯᠡᠯᠳᠡ  ᠳᠦ ᠰᠤᠷᠤᠯᠴᠠᠬᠤ ᠬᠡᠯᠪᠡᠷᠢ ᠵᠢᠨ ᠤᠯᠠᠷᠢᠯᠳᠠ ᠶᠢ ᠠᠰᠢᠭᠯᠠᠬᠤ ᠨᠢ 》(ᠤᠯᠤᠰ ᠤᠨ ᠬᠤᠶᠠᠳᠤᠭᠠᠷ ᠲᠡᠰ)《 ᠪᠠᠭᠰᠢ ᠵᠢᠨ ᠬᠠᠢᠷ᠎ᠠ ᠵᠢᠨ ᠬᠦᠮᠦᠵᠢᠬᠦᠯᠬᠦ ᠦᠢᠯᠡᠳᠦᠯ 》( ᠤᠷᠤᠨ ᠤ ᠨᠢᠬᠡᠳᠦᠬᠡᠷ ᠲᠡᠰ ) 《 ᠬᠡᠯᠡ ᠪᠢᠴᠢᠭ᠌ ᠦᠨ ᠵᠢᠭᠠᠨ ᠰᠤᠷᠭᠠᠯᠳᠠ ᠲᠤᠮᠳᠠ ᠬᠢᠴᠢᠶᠡᠯ ᠦᠨ ᠭᠠᠳᠠᠨᠠᠬᠢ ᠤᠩᠰᠢᠯᠭ᠎ᠠ ᠶᠢ ᠬᠠᠪᠰᠤᠷᠭᠠᠬᠤ ᠲᠤᠬᠠᠢ 》 (《 ᠠᠯᠳᠠᠨ ᠦᠨᠳᠦᠰᠦ 》) 《 ᠬᠢᠴᠢᠶᠡᠯ ᠦᠨ ᠦᠬᠡᠷᠡᠴᠢᠯᠡᠯᠳᠡ ᠳᠦ ᠲᠤᠷᠠᠳᠤᠭᠰᠠᠨ ᠰᠤᠷᠤᠯᠴᠠᠬᠤ ᠬᠡᠯᠪᠡᠷᠢ ᠵᠢᠨ ᠦᠨᠳᠦᠰᠦᠨ ᠤᠨᠴᠠᠯᠢᠭ ᠰᠢᠨᠵᠢ ᠵᠢᠨ ᠲᠤᠬᠠᠢ ᠶᠠᠷᠢᠬᠤ ᠨᠢ 》(《 ᠰᠤᠷᠭᠠᠨ ᠬᠦᠮᠦᠵᠢᠯ 》) 《 ᠬᠢᠴᠢᠶᠡᠯ ᠦᠨ ᠪᠠᠷᠢᠮᠵᠢᠶ᠎ᠠ  ᠳᠤ ᠰᠠᠭᠤᠷᠢᠯᠠᠵᠤ ᠬᠢᠴᠢᠶᠡᠯᠯᠡᠭᠡ ᠵᠢᠨ ᠦᠷ᠎ᠡ ᠠᠰᠢᠭ  ᠢ ᠬᠡᠷᠬᠢᠨ ᠲᠡᠬᠡᠭᠰᠢᠯᠡᠬᠦᠯᠬᠦ ᠲᠤᠬᠠᠢ 》 (《 ᠤᠯᠠᠭᠠᠨᠬᠠᠳᠠ ᠵᠢᠨ ᠦᠨᠳᠦᠰᠦᠳᠡᠨ  ᠦ ᠰᠤᠷᠭᠠᠨ ᠬᠦᠮᠦᠵᠢᠯ 》 )ᠵᠡᠷᠬᠡ ᠦᠬᠦᠯᠡᠯ ᠵᠢᠡᠨ ᠰᠡᠳᠬᠦᠯ ᠪᠤᠶᠤ ᠤᠷᠤᠯᠳᠤᠭᠠᠨ ᠮᠥᠷᠦᠢᠴᠡᠭᠡᠨ ᠳ᠋ᠦ ᠢᠯᠡᠬᠡᠵᠤ ᠱᠠᠩᠨᠠᠭᠳᠠᠭᠰᠠᠨ ᠪᠠᠢᠨ᠎ᠠ ᠃ 2003 ᠤᠨ ᠠᠴᠠ ᠤᠳᠤ ᠪᠣᠯᠲᠠᠯ᠎ᠠ 《 ᠪᠡᠶ᠎ᠡ  ᠪᠠᠨ ᠲᠠᠭᠠᠭᠠᠵᠤ ᠬᠠᠢᠨ ᠰᠦᠪᠡᠭᠴᠢᠯᠡᠵᠤ ᠰᠤᠷᠤᠯᠴᠠᠬᠤ 》 《 ᠪᠡᠶᠡᠳᠡᠨ ᠰᠤᠷᠤᠯᠴᠠᠬᠤ ᠬᠢᠬᠡᠳ ᠬᠡᠯᠡᠨ ᠦ ᠮᠡᠳᠡᠷᠡᠮᠵᠢ ᠶᠢ ᠲᠡᠬᠡᠭᠰᠢᠯᠡᠬᠦᠯᠬᠦ ᠡᠬᠡ ᠬᠡᠯᠡᠨ ᠦ ᠵᠢᠭᠠᠨ ᠰᠤᠷᠭᠠᠯᠳᠠ ᠵᠢᠨ ᠲᠤᠷᠰᠢᠯᠳᠠ 》 《 ᠰᠤᠷᠬᠤ ᠳᠤ ᠬᠦᠳᠦᠯᠬᠦ ᠂ ᠬᠠᠮᠵᠢᠨ ᠪᠦᠷᠢᠯᠳᠦᠬᠦᠯᠬᠦ ᠂ ᠬᠥᠳᠡᠯᠦᠨᠭᠭᠦᠢ  ᠪᠡᠷ ᠬᠦᠭᠵᠢᠬᠦ 》 ᠵᠡᠷᠬᠡ ᠰᠤᠳᠤᠯᠭᠠᠨ  ᠤ ᠰᠡᠳᠦᠪ ᠦᠨ ᠲᠤᠷᠰᠢᠴᠠ ᠳᠤ ᠤᠷᠤᠯᠴᠠᠭᠰᠠᠨ ᠪᠤᠶᠤ ᠵᠤᠬᠢᠶᠠᠨ ᠪᠠᠢᠭᠤᠯᠤᠭᠰᠠᠨ ᠪᠦᠬᠡᠳ ᠠᠯᠪᠠᠨ ᠵᠢᠷᠤᠮ  ᠤᠨ ᠰᠤᠷᠭᠠᠨ ᠬᠦᠮᠦᠵᠢᠯ  ᠦᠨ ᠱᠠᠳᠤᠨ  ᠤ ᠬᠢᠴᠢᠶᠡᠯ ᠦᠨ ᠪᠢᠴᠢᠭ᠌ ᠢ ᠨᠠᠢᠷᠠᠭᠤᠯᠬᠤ ᠠᠵᠢᠯ  ᠳᠤ ᠤᠷᠤᠯᠴᠠᠭᠰᠠᠨ ᠪᠠᠢᠨ᠎ᠠ ᠃ 《 ᠨᠠᠢᠮᠠᠨ ᠰᠢᠷᠭ᠎ᠠ 》᠂《 ᠪᠠᠶᠠᠨ ᠪᠦᠷᠢᠳᠤ 》 ᠰᠤᠷᠤᠭᠴᠢᠳ ᠤᠨ ᠵᠤᠬᠢᠶᠠᠨ ᠪᠢᠴᠢᠯᠬᠡ ᠵᠢᠨ ᠤᠷᠤᠯᠳᠤᠭᠠᠨ ᠤ ᠰᠢᠯᠢᠳᠡᠭ ᠵᠢᠭᠠᠨ ᠵᠢᠯᠤᠭᠤᠳᠤᠭᠴᠢ ᠪᠦᠬᠡᠳ ᠵᠤᠬᠢᠶᠠᠨ ᠪᠠᠢᠭᠤᠯᠤᠭᠰᠠᠨ ᠰᠢᠯᠢᠳᠡᠭ ᠬᠤᠪᠢ ᠬᠦᠮᠤᠨ ᠃

    2012 ᠤᠨ ᠤ 12 ᠰᠠᠷ᠎ᠠ ᠳᠤ ᠬᠤᠳᠠ ᠵᠢᠨ ᠲᠡᠰ ᠦᠨ 《 ᠬᠡᠯᠡ ᠪᠢᠴᠢᠭ᠌  ᠦᠨ ᠬᠢᠴᠢᠶᠡᠯ ᠲᠦᠷᠦᠯ   ᠦᠨ ᠲᠠᠭᠠᠭᠤᠯᠤᠭᠴᠢ 》 ᠂ 2013 ᠤᠨ ᠳᠤ ᠤᠷᠤᠨ ᠤ ᠲᠡᠰ ᠦᠨ 《 ᠮᠣᠩᠭᠤᠯ ᠬᠡᠯᠡ ᠪᠢᠴᠢᠭ᠌  ᠦᠨ ᠬᠢᠴᠢᠶᠡᠯ ᠲᠦᠷᠦᠯ  ᠦᠨ ᠲᠠᠭᠠᠭᠤᠯᠤᠭᠴᠢ 》 ᠪᠡᠷ ᠴᠤᠯᠯᠠᠭᠳᠠᠪᠠ᠃

    ᠤᠳᠤ ᠲᠡᠷᠡ ᠪᠡᠷ ᠰᠤᠷᠭᠠᠭᠤᠯᠢ ᠶᠢᠨ ᠬᠢᠴᠢᠶᠡᠯ ᠬᠦᠮᠦᠵᠢᠯ ᠦᠨ ᠡᠷᠬᠢᠯᠡᠭᠴᠢ ᠵᠢᠨ ᠠᠵᠢᠯ  ᠢ ᠬᠦᠢᠴᠡᠳᠬᠡᠬᠦ ᠶᠢᠨ ᠲᠠᠭᠤ ᠳᠤ ᠪᠠᠰᠠ ᠲᠡᠬᠡᠳᠦ ᠨᠢᠬᠡ ᠶᠢᠨ ᠠᠩᠭᠢ ᠶᠢᠨ ᠡᠷᠬᠢᠯᠡᠭᠴᠢ᠂ ᠮᠣᠩᠭᠤᠯ ᠬᠡᠯᠡᠨ ᠦ ᠬᠢᠴᠢᠶᠡᠯ ᠢ ᠵᠢᠭᠠᠵᠤ ᠡᠮᠦᠨ᠎ᠡ ᠤᠳᠠᠰᠤᠨ ᠳᠤ ᠭᠠᠪᠰᠢᠭᠠᠢᠯᠠᠵᠤ ᠪᠠᠢᠨ᠎ᠠ ᠃ ᠲᠡᠷᠡ ᠪᠤᠯ ᠰᠤᠷᠤᠭᠴᠢ ᠪᠠ ᠬᠡᠷ  ᠦᠨ ᠠᠬᠠᠮᠠᠳ ᠲᠤ ᠬᠦᠷᠢᠶᠡᠯᠡᠯ ᠲᠠᠢ ᠰᠢᠯᠢᠳᠡᠭ ᠪᠠᠭᠰᠢ ᠂ ᠵᠢᠭᠠᠨ ᠰᠤᠷᠭᠠᠯᠳᠠ ᠳᠤ ᠴᠠᠭᠠᠷᠠᠵᠤ ᠦᠪᠡᠷ ᠦᠨ ᠬᠡᠰᠡᠨ ᠤᠨᠴᠠᠯᠢᠭ ᠲᠠᠢ ᠬᠢᠴᠢᠶᠡᠯᠯᠡᠬᠡ ᠵᠢᠨ ᠤᠷ᠎ᠠ ᠲᠡᠮ ᠢ ᠪᠦᠷᠢᠯᠳᠦᠬᠦᠯᠦᠭᠰᠡᠨ ᠪᠠᠢᠳᠠᠭ ᠃ 《 ᠰᠤᠷᠤᠭᠴᠢ ᠵᠢᠨ ᠬᠦᠭᠵᠢᠯᠳᠡ ᠳᠦ ᠪᠠᠭᠰᠢ ᠵᠢᠨ ᠨᠦᠯᠦᠬᠡᠯᠡᠬᠦ ᠬᠦᠴᠦᠨ  ᠢ ᠤᠮᠳᠤᠭᠠᠢᠯᠠᠵᠤ ᠪᠤᠯᠬᠤ ᠦᠬᠡᠢ ᠃ ᠪᠦᠬᠦ ᠲᠠᠯ᠎ᠠ  ᠪᠡᠷ ᠬᠥᠭᠵᠢᠭᠦᠯᠦᠨ᠎ᠡ ᠬᠡᠳᠡᠭ ᠪᠠᠢᠵᠤ ᠪᠤᠯᠤᠰᠢ ᠦᠬᠡᠢ ᠬᠡᠷᠡᠭ ᠃ ᠰᠤᠷᠤᠭᠴᠢ ᠵᠢᠨ ᠠᠪᠢᠶᠠᠰ ᠪᠠᠬ᠎ᠠ ᠶᠢ ᠬᠦᠮᠦᠵᠢᠬᠦᠯᠬᠦ ᠂ ᠰᠠᠢᠨ ᠬᠦᠮᠤᠨ ᠪᠤᠯᠭᠠᠨ ᠬᠦᠮᠦᠵᠢᠬᠦᠯᠬᠦ ᠪᠤᠯ ᠪᠠᠭᠰᠢ ᠵᠢᠨ ᠬᠠᠮᠤᠭ ᠨᠠᠭᠠᠳᠤ ᠵᠠᠬ᠎ᠠ ᠵᠢᠨ ᠡᠬᠦᠷᠬᠡ ᠮᠦᠨ ᠃ ᠦᠪᠡᠷ ᠵᠢᠡᠨ ᠲᠠᠭᠤᠷᠢᠶᠠᠯ ᠪᠤᠯᠬᠤ ᠮᠦᠷᠳᠡᠬᠡᠨ ᠰᠤᠷᠤᠭᠴᠢ ᠪᠠᠨ ᠲᠠᠨᠢᠬᠤ ᠪᠤᠯ ᠪᠠᠭᠰᠢ ᠵᠢᠨ ᠡᠷᠳᠡᠮ ᠮᠦᠨ ᠃ ᠦᠪᠡᠷ  ᠢ  ᠪᠠᠨ ᠲᠠᠰᠤᠷᠠᠯᠳᠠ ᠦᠬᠡᠢ ᠬᠦᠭᠵᠢᠬᠦᠯᠬᠦ ᠪᠤᠯ ᠪᠠᠭᠰᠢ ᠵᠢᠨ ᠨᠠᠰᠤᠨ ᠲᠤᠷᠰᠢ  ᠶᠢᠨ ᠮᠦᠷᠳᠡᠯᠳᠡ ᠃ ᠨᠢᠬᠡᠨᠳᠡ ᠪᠠᠭᠰᠢ  ᠶᠢᠨ ᠠᠵᠢᠯ  ᠢ ᠰᠣᠩᠭᠤᠭᠰᠠᠨ ᠪᠢᠳᠡ 【 ᠭᠠᠷᠰᠢᠶᠠ ᠳᠤ ᠦᠭᠬᠦᠭᠰᠡᠨ ᠵᠠᠬᠢᠳᠠᠯ 】 ᠢ ᠦᠷᠬᠦᠯᠵᠢ ᠤᠩᠰᠢᠵᠤ ᠪᠠᠢᠶ᠎ᠠ ᠂ ᠨᠡᠢᠬᠡᠮ ᠂ ᠬᠡᠷ   ᠦᠨ ᠠᠬᠠᠮᠠᠳ ᠂ ᠰᠤᠷᠤᠭᠴᠢᠳ ᠲᠤ  ᠪᠠᠨ ᠮᠡᠳᠡᠷᠡᠭᠳᠡᠵᠦ ᠶᠠᠪᠤᠶ᠎ᠠ ᠬᠡᠪᠡᠯ ᠡᠷᠬᠡ ᠮᠥᠩᠭᠦ  ᠪᠡᠷ ᠪᠢᠰᠢ ᠡᠷᠳᠡᠮ ᠴᠢᠳᠠᠪᠤᠷᠢ ᠂ ᠬᠦᠮᠤᠨ ᠴᠢᠨᠠᠷ ᠵᠢᠡᠷ ᠵᠢᠡᠨ ᠲᠠᠨᠢᠭᠳᠠᠬᠤ ᠨᠢ ᠴᠢᠬᠤᠯᠠ 》 ᠬᠡᠳᠡᠭ ᠨᠢ ᠲᠡᠬᠦᠨ ᠦ ᠠᠵᠢᠯ ᠠᠮᠢᠳᠤᠷᠠᠯ ᠤᠨ ᠪᠠᠳᠤᠶᠤᠰᠤ ᠪᠠᠢᠭ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )