ᠲᠡᠤᠭᠡ ᠰᠤᠶᠤᠯ
ᠣᠩᠨᠢᠭᠤᠳ ᠬᠣᠰᠢᠭᠤᠨ ᠤ(ᠭᠤᠸᠠᠩ ᠳ᠋ᠧ ᠬᠦᠩ) ᠮᠣᠩᠭᠤᠯ ᠭᠠᠵᠠᠷ ᠤᠰᠤᠨ ᠤ ᠨᠡᠷᠡᠰ ᠤᠳ 4
2019.06.18 ᠲᠣᠰ ᠥᠷᠲᠡᠭᠡᠨ ᠦ ᠨᠠᠢᠷᠠᠭᠤᠯᠤᠭᠴᠢ
ᠣᠩᠨᠢᠭᠤᠳ ᠬᠣᠰᠢᠭᠤᠨ ᠤ ᠮᠣᠩᠭᠤᠯ ᠭᠠᠵᠠᠷ ᠤᠰᠤᠨ ᠤ ᠨᠡᠷᠡᠰ ᠤᠳ 4


4. ᠤᠤᠯ ᠤᠨ ᠭᠤᠸᠠᠩ ᠳ᠋ᠧ ᠭᠦᠩ ᠪᠠᠯᠭᠠᠰᠤ ᠶᠢᠨ ᠭᠠᠵᠠᠷ ᠤᠰᠤᠨ ᠦ ᠨᠡᠷᠡᠰ
ᠭᠤᠸᠠᠩ ᠳ᠋ᠧ ᠭᠦᠩ广德公 ( ᠴᠦᠨᠳᠦᠪ  ᠤᠨ ᠠᠢᠯ )
ᠭᠤᠸᠠᠩ ᠳ᠋ᠧ ᠭᠦᠩ ᠪᠠᠯᠭᠠᠰᠤ ᠶᠢᠨ ᠵᠠᠰᠠᠭ  ᠤᠨ ᠣᠷᠳᠤᠨ ᠤ ᠰᠠᠭᠤᠭ᠎ᠠ ᠭᠠᠵᠠᠷ ᠢ ᠣᠳᠤ ᠭᠤᠸᠠᠩ ᠳ᠋ᠧ ᠭᠦᠩ ᠭᠡᠵᠦ ᠬᠡᠯᠡᠵᠦ ᠪᠠᠢᠨ᠎ᠠ ᠃ ᠴᠢᠩ ᠤᠯᠤᠰ ᠤᠨ ᠲᠡᠭᠷᠢ ᠲᠡᠳᠭᠦᠭᠴᠢ ᠬᠠᠭᠠᠨ ᠤ ( 1736-1795᠎ ) ᠣᠨ ᠤ ᠦᠶ᠎ᠡ ᠳᠦ ᠡᠨᠳᠡ ᠲᠣᠰᠭᠤᠨ ᠪᠠᠢᠭᠤᠯᠵᠤ ᠂ ᠬᠣᠵᠢᠮ ᠨᠢ ᠠᠷᠢᠬᠢ ᠨᠡᠷᠡᠬᠦ ᠦᠢᠯᠡᠳᠪᠦᠷᠢ ᠶᠢᠨ ᠬᠤᠳᠠᠯᠳᠤᠭᠠᠨ ᠤ ᠨᠡᠷ᠎ᠡ ( 商号) ᠪᠡᠷ ᠭᠤᠸᠠᠩ ᠳ᠋ᠧ ᠭᠦᠩ ᠭᠡᠬᠦ ᠨᠡᠷ᠎ᠡ ᠥᠭᠴᠡᠢ ᠃
ᠭᠤᠸᠠᠩ ᠳ᠋ᠧ ᠭᠦᠩ ᠪᠣᠯ ᠤᠭ ᠲᠠᠭᠠᠨ ᠮᠣᠩᠭᠤᠯ ᠭᠠᠵᠠᠷ ᠪᠠᠢᠵᠤ ᠂ ᠴᠦᠨᠳᠦᠪ ᠭᠡᠬᠦ ᠨᠡᠷ᠎ᠡ ᠲᠠᠢ ᠪᠠᠢᠭᠰᠠᠨ ᠶᠤᠮ ᠃ ᠣᠩᠨᠢᠭᠤᠳ ᠤᠨ ᠪᠣᠷᠵᠢᠭᠢᠨ ᠣᠪᠤᠭᠲᠤ ᠴᠦᠨᠳᠦᠪ ᠲᠠᠢᠵᠢ ᠤᠳ ᠤᠨ ᠳᠡᠭᠡᠳᠦᠰ ᠨᠢ ᠡᠨᠳᠡ ᠨᠤᠲᠤᠭᠰᠢᠵᠦ ᠪᠠᠢᠭᠰᠠᠨ ᠶᠤᠮ ᠃ ᠣᠩᠨᠢᠭᠤᠳ ᠬᠣᠰᠢᠭᠤᠨ ᠤ ᠤᠯᠤᠰ ᠲᠥᠷᠦ ᠶᠢᠨ ᠵᠥᠪᠯᠡᠯᠭᠡᠨ ᠦ ᠳᠡᠳ᠋ ᠲᠡᠷᠢᠭᠦᠯᠡᠭᠴᠢ ᠤᠳᠤᠨᠴᠢᠮᠡᠭ  ᠤᠨ ᠡᠷᠡᠭᠲᠡᠢ ᠶᠢᠨ ᠨᠡᠷ᠎ᠡ ᠨᠢ ᠪᠠᠯᠵᠢᠨᠢᠮ᠎ᠠ ᠭᠡᠳᠡᠭ ᠃ ᠪᠠᠯᠵᠢᠨᠢᠮ᠎ᠠ ᠪᠣᠯ ᠪᠣᠷᠵᠢᠭᠢᠨ ᠣᠪᠤᠭᠲᠤ ᠴᠦᠨᠳᠦᠪ ᠲᠠᠢᠵᠢ ᠶᠢᠨ ᠬᠣᠢᠴᠢᠰ ᠪᠣᠯᠤᠨ᠎ᠠ ᠃ ᠲᠡᠳᠡᠨ ᠦ ᠳᠡᠭᠡᠳᠦᠰ ᠨᠢ1891᠎ ᠣᠨ ᠤ ᠦᠶ᠎ᠡ ᠪᠡᠷ ᠴᠦᠨᠳᠦᠪ ᠦᠨ ᠠᠢᠯ ( ᠭᠤᠸᠠᠩ ᠳ᠋ᠧ ᠭᠦᠩ ) ᠦᠨ ᠠᠢᠯ ᠡᠴᠡ ᠵᠡᠭᠦᠨᠰᠢ ᠵᠠᠢᠯᠠᠵᠤ ᠡᠳᠦᠭᠡ ᠶᠢᠨ ᠣᠩᠨᠢᠭᠤᠳ ᠬᠣᠰᠢᠭᠤᠨ ᠤ ᠵᠡᠭᠦᠨ ᠬᠡᠰᠡᠭ ᠦᠨ ᠰᠢᠨᠡᠰᠦᠮ᠎ᠡ ᠰᠤᠮᠤᠨ ᠤ ᠪᠠᠶᠠᠨᠰᠢᠭᠤᠢ ᠳᠤ ᠨᠡᠭᠦᠵᠦ ᠶᠠᠪᠤᠭᠰᠠᠨ ᠶᠤᠮ ᠃
ᠪᠠᠭᠠᠷᠢᠨ ᠵᠠᠮ巴林道
ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠪᠠᠷᠠᠭᠤᠨᠰᠢ 2.3᠎ ᠺᠢᠯᠣᠮᠧᠲ᠋ᠷ ᠵᠠᠢᠲᠠᠢ ᠪᠠᠢᠭ᠎ᠠ ᠠᠢᠯ ᠢ ᠪᠠᠭᠠᠷᠢᠨ ᠵᠠᠮ ᠤᠨ ᠠᠢᠯ ᠭᠡᠳᠡᠭ ᠃ ᠪᠠᠭᠠᠷᠢᠨ ᠸᠠᠩ ᠪᠤᠯᠤᠨ ᠪᠠᠭᠠᠷᠢᠨ ᠭᠦᠩᠵᠦ ᠨᠠᠷ ᠨᠡᠢᠰᠡᠯᠡᠯ ᠪᠡᠭᠡᠵᠢᠩ ᠳᠦ ᠶᠠᠪᠤᠬᠤ ᠳᠠᠭᠠᠨ ᠡᠨᠡᠭᠦᠷ ᠵᠠᠮᠨᠠᠵᠦ ᠂ ᠡᠨᠳᠡ ᠬᠣᠨᠤᠭᠯᠠᠳᠠᠭ ᠡᠴᠡ ᠪᠣᠯᠵᠤ ᠡᠨᠳᠡᠬᠢ ᠵᠠᠮ ᠢ ᠪᠠᠭᠠᠷᠢᠨ ᠵᠠᠮ ᠂ ᠡᠨᠳᠡᠬᠢ ᠠᠢᠯ ᠢ ᠪᠠᠭᠠᠷᠢᠨ ᠵᠠᠮ ᠤᠨ ᠠᠢᠯ ᠭᠡᠵᠦ ᠨᠡᠷᠡᠢᠳᠴᠠᠢ ᠃
ᠶᠡᠬᠡ ᠰᠦᠮ᠎ᠡ大庙
ᠶᠡᠬᠡ ᠰᠦᠮ᠎ᠡ ( 大庙 ) ᠭᠡᠬᠦ ᠠᠢᠯ ᠨᠢ1851-1861᠎ ᠣᠨ ᠤ ᠦᠶ᠎ᠡ ᠳᠦ ᠪᠠᠢᠭᠤᠯᠤᠭᠳᠠᠵᠠᠢ ᠃ ᠤᠷᠢᠳᠤ ᠡᠨᠳᠡ ᠯᠠᠮᠠ ᠶᠢᠨ ᠰᠦᠮ᠎ᠡ ᠪᠠᠢᠵᠤ ᠦᠩᠭᠡᠷᠡᠵᠠᠢ ᠃ ᠡᠨᠡ ᠠᠢᠯ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨᠰᠢ5.5᠎ ᠺᠢᠯᠣᠮᠧᠲ᠋ᠷ ᠵᠠᠢᠲᠠᠢ ᠪᠠᠢᠳᠠᠭ ᠃ ᠡᠨᠳᠡ ᠣᠳᠤ ᠮᠣᠩᠭᠤᠯ ᠬᠥᠮᠦᠨ ᠰᠠᠭᠤᠵᠤ ᠦᠭᠡᠢ ᠃
ᠯᠠᠮᠠ ᠶᠢᠨ ᠲᠠᠷᠢᠶ᠎ᠠ兰巴地 ( ᠯᠠᠡ ᠪᠠ ᠳ᠋ᠢ )
ᠯᠠᠮᠠ ᠶᠢᠨ ᠲᠠᠷᠢᠶ᠎ᠠ ᠭᠡᠬᠦ ᠨᠡᠷ᠎ᠡ ᠶᠢ《 ᠣᠩᠨᠢᠭᠤᠳ ᠬᠣᠰᠢᠭᠤᠨ ᠤ ᠭᠠᠵᠠᠷ ᠤᠨ ᠨᠡᠷᠡᠰ ᠦᠨ ᠲᠡᠮᠳᠡᠭᠯᠡᠯ >>‍᠎ ᠳᠡᠭᠡᠷ᠎ᠡ ᠯᠠᠮᠪᠠᠵᠠᠪ ᠭᠡᠵᠦ ᠣᠷᠴᠢᠭᠤᠯᠵᠠᠢ ᠃ ᠨᠠᠢᠷᠠᠭᠤᠯᠤᠭᠴᠢ ᠮᠢᠨᠦ ᠦᠵᠡᠬᠦ ᠪᠡᠷ ᠡᠨᠡ ᠨᠢ ᠯᠠᠮᠠ ᠶᠢᠨ ᠲᠠᠷᠢᠶ᠎ᠠ ᠭᠡᠰᠡᠨ ᠮᠣᠩᠭᠤᠯ ᠦᠭᠡ ᠶᠢᠨ ᠪᠤᠷᠤᠭᠤ ᠳᠠᠭᠤᠳᠠᠯᠭ᠎ᠠ ᠮᠥᠨ ᠃ ᠨᠠᠳᠠ ᠶᠢ ᠪᠠᠭ᠎ᠠ ᠪᠠᠢᠬᠤ ᠳᠤ ᠬᠠᠢᠯᠠᠰᠤ ᠶᠢᠨ ᠰᠦᠮ᠎ᠡ ᠶᠢᠨ ᠬᠤᠪᠢᠯᠭᠠᠨ ᠵᠢᠮᠢᠶᠠᠨᠷᠠᠪᠬᠤᠸ᠎ᠠ ᠯᠠᠮᠠ ᠤᠨ ᠄《 ᠮᠠᠨ ᠤ ᠰᠦᠮ᠎ᠡ ᠨᠢ ᠤᠷᠢᠳᠤ ᠳᠠᠭᠠᠨ ᠭᠤᠸᠠᠩ ᠳ᠋ᠧ ᠭᠦᠩ ᠦᠨ ᠲᠡᠨᠳᠡ ᠰᠦᠮ᠎ᠡ ᠶᠢᠨ ᠲᠠᠷᠢᠶ᠎ᠠ ᠪᠠᠨ ᠲᠠᠷᠢᠵᠤ ᠪᠠᠢᠭᠰᠠᠨ ᠶᠤᠮ 》‍᠎ ᠭᠡᠵᠦ ᠬᠡᠯᠡᠭᠰᠡᠨ ᠨᠢ ᠲᠤᠪ ᠲᠣᠳᠤᠷᠬᠠᠢ ᠴᠡᠭᠡᠵᠢᠯᠡᠭᠳᠡᠵᠦ ᠪᠠᠢᠨ᠎ᠠ ᠃ 《 ᠯᠠᠡ ᠪᠠ ᠳ᠋ᠢ 》‍᠎ ᠭᠡᠬᠦ ᠭᠠᠵᠠᠷ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠪᠠᠷᠠᠭᠤᠨ ᠡᠮᠦᠨᠡᠰᠢ 7.5᠎ ᠺᠢᠯᠣᠮᠧᠲ᠋ᠷ ᠵᠠᠢᠲᠠᠢ ᠪᠠᠢᠳᠠᠭ ᠃ ᠡᠨᠳᠡ ᠮᠣᠩᠭᠤᠯ ᠬᠥᠮᠦᠨ ᠪᠠᠢᠵᠤ ᠥᠩᠭᠡᠷᠡᠪᠡ ᠃ ᠲᠡᠨᠳᠡᠬᠢ ᠬᠥᠮᠦᠰ ᠡᠨᠡ ᠭᠠᠵᠠᠷ ᠢ ᠯᠠᠮᠪᠠᠵᠠᠪ ᠤᠨ ᠭᠠᠵᠠᠷ ᠭᠡᠵᠦ ᠬᠡᠯᠡᠳᠡᠭ ᠃
ᠪᠦᠯᠬᠦᠮᠳᠡᠯ ᠦᠨ ᠠᠢᠯ ( 团结营子ᠲᠤᠸᠠᠨ ᠵᠢᠶᠸᠢ ᠶᠢᠩᠽᠢ )
ᠣᠨ ᠲᠣᠭᠠᠯᠠᠯ ᠤᠨ1796-1820᠎ ᠣᠨ ᠤ ᠦᠶ᠎ᠡ ᠳᠦ ᠲᠣᠰᠭᠤᠨ ᠪᠠᠢᠭᠤᠯᠵᠠᠢ ᠃ ᠣᠭ ᠲᠠᠭᠠᠨ ᠮᠣᠩᠭᠤᠯ ᠠᠢᠯ ( 蒙古营子) ᠭᠡᠵᠦ ᠳᠠᠭᠤᠳᠠᠵᠤ ᠪᠠᠢᠭᠰᠠᠨ ᠢᠶᠠᠨ1958᠎ ᠣᠨ ᠳᠤ ᠮᠣᠩᠭᠤᠯ ᠬᠢᠲᠠᠳ ᠤᠨ ᠪᠦᠯᠬᠦᠮᠳᠡᠯ ᠢ ᠴᠢᠩᠭᠠᠳᠭᠠᠬᠤ ᠵᠣᠷᠢᠯᠭ᠎ᠠ ᠪᠠᠷ ᠲᠤᠸᠠᠨ ᠵᠢᠶᠸᠢ ᠶᠢᠩᠽᠢ ( ᠪᠦᠯᠬᠦᠮᠳᠡᠯ ᠦᠨ ᠠᠢᠯ ) ᠭᠡᠵᠦ ᠨᠡᠷ᠎ᠡ ᠶᠢ ᠨᠢ ᠬᠠᠯᠠᠵᠠᠢ ᠃ ᠡᠨᠡ ᠠᠢᠯ ᠨᠢ ᠭᠤᠸᠠᠩ ᠳ᠋ᠧ ᠭᠦᠩ ᠪᠠᠯᠭᠠᠰᠤ ᠶᠢᠨ ᠰᠠᠭᠤᠭ᠎ᠠ ᠭᠠᠵᠠᠷ ᠡᠴᠡ ᠪᠠᠷᠠᠭᠤᠨᠰᠢ 4.5᠎ ᠺᠢᠯᠣᠮᠧᠲ᠋ᠷ ᠵᠠᠢᠲᠠᠢ ᠪᠠᠢᠨ᠎ᠠ ᠃
ᠨᠠᠷᠢᠨ ᠭᠤᠤ艾林沟
ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ 7.5᠎ ᠺᠢᠯᠣᠮᠧᠲ᠋ᠷ ᠪᠠᠷᠠᠭᠤᠨᠲᠠᠢ ᠪᠠᠢᠭ᠎ᠠ ᠨᠠᠷᠢᠬᠠᠨ ᠠᠭᠤᠯᠠᠨ ᠭᠤᠤ ᠶᠢᠨ ᠬᠥᠪᠡᠭᠡ ᠳᠡᠭᠡᠷ᠎ᠡ ᠪᠠᠢᠭ᠎ᠠ ᠠᠢᠯ ᠢ ᠨᠠᠷᠢᠨ ᠭᠤᠤ ᠲᠣᠰᠭᠤᠨ ᠭᠡᠳᠡᠭ ᠃1796-1820᠎ ᠣᠨ ᠤ ᠦᠶ᠎ᠡ ᠳᠦ ᠡᠨᠳᠡ ᠲᠣᠰᠭᠤᠨ ᠪᠠᠢᠭᠤᠯᠵᠠᠢ ᠃ ᠡᠨᠳᠡ ᠮᠣᠩᠭᠤᠯ ᠬᠥᠮᠦᠨ ᠰᠠᠭᠤᠵᠤ ᠥᠩᠭᠡᠷᠡᠭᠰᠡᠨ ᠪᠣᠯᠬᠣᠷ ᠥᠨᠥ ᠪᠠᠰᠠ ᠮᠣᠩᠭᠤᠯ ᠭᠠᠵᠠᠷ ᠤᠨ ᠨᠡᠷ᠎ᠡ ᠶᠢ ᠬᠡᠷᠡᠭᠯᠡᠵᠦ ᠪᠠᠢᠨ᠎ᠠ ᠃
ᠳᠡᠭᠡᠷ᠎ᠡ ᠨᠠᠷᠢᠨ ᠭᠤᠤ上艾林沟
ᠣᠨ ᠲᠣᠭᠠᠯᠠᠯ ᠤᠨ1821-1850᠎ ᠣᠨ ᠤ ᠦᠶ᠎ᠡ ᠳᠦ ᠡᠨᠳᠡ ᠲᠣᠰᠭᠤᠨ ᠪᠠᠢᠭᠤᠯᠵᠠᠢ ᠃ ᠨᠠᠷᠢᠨ ᠭᠤᠤ ᠠᠢᠯ ᠤᠨ ᠳᠡᠭᠡᠷ᠎ᠡ ᠲᠠᠯ᠎ᠠ ᠳᠤᠨᠢ ᠪᠠᠢᠬᠤ ᠲᠤᠯᠠ ᠳᠡᠭᠡᠷ᠎ᠡ ᠨᠠᠷᠢᠨ ᠭᠤᠤ ᠭᠡᠵᠦ ᠨᠡᠷ᠎ᠡ ᠥᠭᠴᠡᠢ ᠃
ᠪᠠᠶᠠᠨ ᠭᠤᠤ ᠶᠢᠨ ᠵᠠᠮ白音沟道
ᠣᠨ ᠲᠣᠭᠠᠯᠠᠯ ᠤᠨ1921᠎ ᠣᠨ ᠤ ᠦᠶ᠎ᠡ ᠳᠦ ᠲᠣᠰᠭᠤᠨ ᠪᠠᠢᠭᠤᠯᠵᠠᠢ ᠃ ᠡᠨᠡ ᠲᠣᠰᠭᠤᠨ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠬᠣᠢᠨ᠎ᠠ 12᠎ ᠺᠢᠯᠣᠮᠧᠲ᠋ᠷ ᠵᠠᠢᠲᠠᠢ ᠪᠠᠢᠳᠠᠭ ᠃ ᠡᠨᠳᠡ ᠮᠣᠩᠭᠤᠯ ᠬᠥᠮᠦᠨ ᠠᠮᠢᠳᠤᠷᠠᠵᠤ ᠪᠠᠢᠨ᠎ᠠ ᠃ ᠡᠨᠡ ᠣᠷᠴᠢᠮ ᠤᠨ ᠬᠥᠮᠦᠰ ᠤᠯᠠᠭᠠᠨᠬᠠᠳᠠ ᠬᠦᠷᠬᠦ ᠳᠦ ᠡᠷᠬᠡᠪᠰᠢ ᠡᠨᠡ ᠠᠢᠯ ᠢᠶᠠᠷ ᠵᠠᠮ ᠭᠠᠷᠳᠠᠭ ᠃ ᠲᠡᠳᠡᠭᠡᠷ ᠬᠥᠮᠦᠰ ᠲᠣᠰᠭᠤᠨ ᠤ ᠨᠡᠷ᠎ᠡ ᠪᠡᠨ ᠪᠠᠶᠠᠨ ᠭᠤᠤ ᠭᠡᠵᠦ ᠠᠪᠴᠠᠢ ᠃
ᠬᠤᠸᠠᠩᠭᠦᠢ ᠲᠦᠨ皇姑屯
ᠣᠨ ᠲᠣᠭᠠᠯᠠᠯ ᠤᠨ1662-1722᠎ ᠣᠨ ᠤ ᠦᠶ᠎ᠡ ᠳᠦ ᠬᠤᠸᠠᠩᠭᠦᠢ ᠲᠦᠨ ᠲᠣᠰᠭᠤᠨ ᠢ ᠪᠠᠢᠭᠤᠯᠵᠠᠢ ᠃ ᠴᠢᠩ ᠤᠯᠤᠰ ᠤᠨ ᠬᠠᠭᠠᠨ ᠤ ᠭᠦᠩᠵᠦ ᠶᠢ ᠡᠨᠡ ᠠᠢᠯ ᠳᠤ ᠥᠭᠭᠦᠭᠰᠡᠨ ᠪᠣᠯᠬᠣᠷ ᠬᠤᠸᠠᠩᠭᠦᠢ ᠲᠦᠨ ᠭᠡᠬᠦ ᠨᠡᠷ᠎ᠡ ᠶᠢ ᠥᠭᠴᠡᠢ ᠃ ᠣᠩᠨᠢᠭᠤᠳ ᠬᠣᠰᠢᠭᠤᠨ ᠤ ᠤᠯᠤᠰ ᠲᠥᠷᠦ ᠶᠢᠨ ᠵᠥᠪᠯᠡᠯᠭᠡᠨ ᠦ ᠤᠤᠯ ᠤᠨ ᠲᠡᠷᠢᠭᠦᠯᠡᠭᠴᠢ ᠬᠠᠰ ᠨᠥᠬᠦᠷ ᠦᠨ ᠬᠥᠭᠰᠢᠨ ᠠᠯᠳᠠ ᠠᠮᠢᠳᠤ ᠰᠡᠷᠢᠭᠦᠨ ᠪᠠᠢᠬᠤ ᠳᠠᠭᠠᠨ《 ᠮᠢᠨᠦ ᠲᠦᠷᠬᠦᠮ ᠦᠨ ᠠᠪᠤ ᠪᠣᠯ ᠡᠨᠡ ᠭᠦᠩᠵᠦ ᠶᠢ ᠳᠠᠭᠠᠵᠤ ᠢᠷᠡᠭᠰᠡᠨ ᠳᠠᠭᠠᠯᠲᠠ ᠶᠢᠨ ᠬᠦᠦ ᠶᠤᠮ ᠃ ᠪᠢᠳᠡ ᠪᠣᠯ ᠮᠠᠨᠵᠤ ᠬᠥᠮᠦᠨ ᠮᠥᠨ 》ᠭᠡᠵᠦ ᠨᠠᠢᠷᠠᠭᠤᠯᠤᠭᠴᠢ ᠨᠠᠳᠠᠳᠦ ᠬᠡᠯᠡᠵᠦ ᠥᠩᠭᠡᠷᠡᠭᠰᠡᠨ ᠶᠤᠮ ᠃ ᠵᠡᠭᠦᠨ ᠪᠠᠭ᠎ᠠ ᠲᠠᠯ᠎ᠠ ᠶᠢᠨ ᠠᠢᠯ ᠤᠨ ᠠᠬᠠᠮᠠᠳ ᠪᠠᠭᠰᠢ ᠬᠠᠰᠪᠠᠭᠠᠨ᠎ᠠ ᠶᠢᠨ ᠳᠡᠭᠡᠳᠦᠰ ᠨᠢ ᠪᠠᠰᠠ ᠡᠨᠡ ᠭᠦᠩᠵᠦ ᠶᠢ ᠳᠠᠭᠠᠵᠤ ᠢᠷᠡᠭᠰᠡᠨ ᠳᠠᠭᠠᠯᠲᠠ ᠮᠥᠨ ᠭᠡᠳᠡᠭ ᠃ ᠬᠤᠸᠠᠩᠭᠦᠢ ᠲᠦᠨ ᠢ《 ᠰᠢᠷ᠎ᠠ ᠬᠣᠨᠤᠭ ᠤᠨ ᠠᠢᠯ 》‍᠎ ( 黄谷屯) ᠭᠡᠵᠦ ᠦᠵᠡᠬᠦ ᠪᠤᠶᠤ ᠨᠡᠷᠡᠯᠡᠬᠦ ᠨᠢ ᠲᠡᠦᠬᠡᠨ ᠪᠣᠳᠠᠲᠠᠢ ᠲᠠᠢ ᠨᠡᠢᠴᠡᠬᠦ ᠦᠭᠡᠢ ᠶᠤᠮ ᠃ ᠡᠨᠡ ᠲᠣᠰᠭᠤᠨ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨᠳᠠᠢ 11.5᠎ ᠺᠢᠯᠣᠮᠧᠲ᠋ᠷ ᠵᠠᠢᠲᠠᠢ ᠪᠠᠢᠳᠠᠭ ᠃
ᠱᠠᠩᠳᠠ ᠶᠢᠨ ᠭᠤᠤ善德沟
ᠣᠨ ᠲᠣᠭᠠᠯᠠᠯ ᠤᠨ1736-1795᠎ ᠣᠨ ᠤ ᠦᠶ᠎ᠡ ᠪᠡᠷ ᠨᠢᠭᠡᠨ ᠭᠤᠤ ᠶᠢᠨ ᠳᠣᠲᠤᠷᠠᠬᠢ ᠱᠠᠩᠳᠠ ᠬᠤᠳᠳᠤᠭ ᠤᠨ ᠳᠡᠷᠭᠡᠳᠡ ᠠᠢᠯ ᠡᠷᠦᠬᠡ ᠰᠠᠭᠤᠵᠠᠢ ᠃ ᠡᠨᠡ ᠲᠣᠰᠭᠤᠨ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨ ᠬᠣᠢᠨ᠎ᠠ 10.5᠎ ᠺᠢᠯᠣᠮᠧᠲ᠋ᠷ ᠵᠠᠢᠲᠠᠢ ᠪᠠᠢᠳᠠᠭ ᠃
ᠪᠠᠭ᠎ᠠ ᠱᠠᠩᠳᠠ ᠶᠢᠨ ᠭᠤᠤ ᠶᠢᠨ ᠠᠢᠯ ᠪᠣᠯ ᠡᠨᠡ ᠲᠣᠰᠭᠤᠨ ᠡᠴᠡ ᠰᠠᠯᠠᠵᠦ ᠭᠠᠷᠤᠭᠰᠠᠨ ᠠᠢᠯ ᠡᠷᠦᠬᠡ ᠪᠣᠯᠤᠨ᠎ᠠ ᠃
ᠴᠠᠭᠠᠨ ᠪᠤᠯᠠᠭ长汉卜罗
ᠣᠨ ᠲᠣᠭᠠᠯᠠᠯ ᠤᠨ1875-1908᠎ ᠣᠨ ᠤ ᠦᠶ᠎ᠡ ᠪᠡᠷ ᠨᠢᠭᠡᠨ ᠴᠡᠪᠡᠷ ᠲᠤᠩᠭᠠᠯᠠᠭ ᠪᠤᠯᠠᠭ ᠤᠨ ᠳᠡᠷᠭᠡᠳᠡ ᠠᠢᠯ ᠢᠷᠡᠵᠦ ᠰᠠᠭᠤᠭᠠᠳ ᠴᠠᠭᠠᠨ ᠪᠤᠯᠠᠭ ᠤᠨ ᠠᠢᠯ ᠭᠡᠵᠦ ᠨᠡᠷ᠎ᠡ ᠠᠪᠴᠠᠢ ᠃ ᠡᠨᠡ ᠠᠢᠯ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨ ᠡᠮᠦᠨ᠎ᠡ 9.5᠎ ᠺᠢᠯᠣᠮᠧᠲ᠋ᠷ ᠵᠠᠢᠲᠠᠢ ᠪᠠᠢᠳᠠᠭ ᠃
ᠳᠣᠣᠷ᠎ᠠ ᠴᠠᠭᠠᠨ ᠪᠤᠯᠠᠭ ᠤᠨ ᠠᠢᠯ ᠭᠡᠳᠡᠭ ᠨᠢ ᠲᠡᠭᠦᠨ ᠦ ᠪᠡᠨ ᠳᠣᠣᠷ᠎ᠠ ᠲᠠᠯ᠎ᠠ ᠳᠤᠨᠢ ᠪᠠᠢᠳᠠᠭ ᠃
ᠬᠠᠭᠤᠷᠠᠭᠰᠠᠨ ᠠᠮᠤ ᠲᠠᠢ ᠠᠢᠯ ( 炒米房 ᠴᠤᠤ ᠮᠢ ᠹᠠᠩ )
ᠣᠨ ᠲᠣᠭᠠᠯᠠᠯ ᠤᠨ1736-1795᠎ ᠣᠨ ᠤ ᠦᠶ᠎ᠡ ᠳᠦ ᠡᠨᠳᠡ ᠬᠠᠭᠤᠷᠠᠭᠰᠠᠨ ᠪᠤᠳᠠᠭ᠎ᠠ ᠬᠤᠳᠠᠯᠳᠤᠵᠤ ᠪᠠᠢᠭᠰᠠᠨ ᠠᠢᠯ ᠪᠠᠢᠵᠠᠢ ᠭᠡᠨ᠎ᠡ ᠃ ᠢᠩᠭᠢᠭᠡᠳ ᠡᠨᠡ ᠲᠣᠰᠭᠤᠨ ᠢ ᠴᠤᠤ ᠮᠢ ᠹᠠᠩ ᠭᠡᠵᠦ ᠨᠡᠷᠡᠢᠳᠦᠯ᠎ᠡ ᠭᠡᠳᠡᠭ ᠃ ᠡᠨᠡ ᠨᠢ ᠬᠠᠭᠤᠷᠠᠭᠰᠠᠨ ᠠᠮᠤ ᠢᠳᠡᠳᠡᠭ ᠮᠣᠩᠭᠤᠯ ᠬᠥᠮᠦᠨ ᠪᠠᠢᠭᠰᠠᠨ ᠤ ᠭᠡᠷᠡᠴᠢ ᠮᠥᠨ ᠃ ᠡᠢᠮᠦ ᠡᠴᠡ ᠡᠨᠡ ᠠᠢᠯ ᠤᠨ ᠨᠡᠷ᠎ᠡ ᠶᠢ《 ᠬᠠᠭᠤᠷᠠᠭᠰᠠᠨ ᠠᠮᠤ ᠲᠠᠢ ᠠᠢᠯ 》‍᠎ ᠭᠡᠪᠡᠯ ᠵᠣᠬᠢᠨ᠎ᠠ ᠃ ᠡᠨᠡ ᠲᠣᠰᠭᠤᠨ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨᠳᠠᠢ 10.5᠎ ᠺᠢᠯᠣᠮᠧᠲ᠋ᠷ ᠵᠠᠢᠲᠠᠢ ᠪᠠᠢᠳᠠᠭ ᠃
ᠰᠤᠪᠤᠷᠭᠠᠨ ᠭᠤᠤ ᠶᠢᠨ ᠠᠢᠯ塔子沟 ( ᠲᠠ ᠽᠢ ᠭᠤᠤ )
1862-1874ᠣᠨ ᠤ ᠦᠶ᠎ᠡ ᠪᠡᠷ ᠨᠢᠭᠡᠨ ᠰᠤᠪᠤᠷᠭ᠎ᠠ ᠲᠠᠢ ᠠᠭᠤᠯᠠ ᠶᠢᠨ ᠳᠣᠣᠷᠠᠬᠢ ᠭᠤᠤ ᠶᠢᠨ ᠳᠡᠷᠭᠡᠳᠡ ᠳᠡᠭᠡᠷ᠎ᠡ ᠂ ᠳᠤᠮᠳᠠ ᠂ ᠳᠣᠣᠷ᠎ᠠ ᠭᠤᠷᠪᠠᠨ ᠠᠢᠯ ᠢᠷᠡᠵᠦ ᠰᠠᠭᠤᠵᠠᠢ ᠃ ᠲᠠ ᠽᠢ ᠭᠤᠤ ( ᠰᠤᠪᠤᠷᠭ᠎ᠠ ᠲᠠᠢ ᠠᠭᠤᠯᠠᠨ ᠭᠤᠤ ) ᠨᠢ ᠮᠣᠩᠭᠤᠯ ᠨᠡᠷ᠎ᠡ ᠪᠠᠢᠭᠰᠠᠨ ᠡᠴᠡ ᠪᠠᠨ ᠬᠢᠲᠠᠳ ᠨᠡᠷ᠎ᠡ ᠪᠣᠯᠵᠤ ᠬᠤᠪᠢᠷᠠᠭᠰᠠᠨ ᠪᠠᠢᠨ᠎ᠠ ᠃
ᠤᠪᠤᠭ᠎ᠠ ᠠᠭᠤᠯᠠ
ᠤᠪᠤᠭ᠎ᠠᠠᠭᠤᠯᠠ ᠶᠢ ᠣᠳᠤ ᠲᠡᠨᠳᠡᠬᠢ ᠬᠥᠮᠦᠰ ᠳ᠋ᠠ ᠾᠧᠢ ᠱᠠᠨ ( 大黑山) ᠭᠡᠵᠦ ᠳᠠᠭᠤᠳᠠᠵᠤ ᠪᠠᠢᠨ᠎ᠠ ᠃ ᠡᠨᠡ ᠠᠭᠤᠯᠠ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠪᠠᠷᠠᠭᠤᠨ ᠬᠣᠢᠨ᠎ᠠ 6.5᠎ ᠺᠢᠯᠣᠮᠧᠲ᠋ᠷ ᠵᠠᠢᠲᠠᠢ ᠪᠠᠢᠨ᠎ᠠ ᠂ ᠳᠠᠯᠠᠢ ᠶᠢᠨ ᠲᠦᠪᠰᠢᠨ ᠡᠴᠡ 1265᠎ ᠮᠧᠲ᠋ᠷ ᠳᠡᠭᠡᠭᠰᠢ ᠡᠷᠭᠦᠭᠳᠡᠵᠦ ᠪᠠᠢᠳᠠᠭ ᠃ ᠣᠭ ᠲᠠᠭᠠᠨ ᠡᠨᠳᠡ ᠮᠣᠩᠭᠤᠯ ᠬᠥᠮᠦᠨ ᠦ ᠳᠠᠬᠢᠵᠤ ᠪᠠᠢᠭᠰᠠᠨ ᠤᠪᠤᠭ᠎ᠠ ᠪᠠᠢᠭᠰᠠᠨ ᠭᠡᠨ᠎ᠡ ᠃
ᠵᠡᠭᠦᠨ ᠬᠠᠳᠠᠳᠦ ᠠᠭᠤᠯᠠ(东石砬子山)
ᠲᠤᠰ ᠠᠭᠤᠯᠠ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨ ᠡᠮᠦᠨ᠎ᠡ 14.5᠎ ᠺᠢᠯᠣᠮᠧᠲ᠋ᠷ ᠵᠠᠢᠲᠠᠢ ᠪᠠᠢᠨ᠎ᠠ ᠃ ᠳᠠᠯᠠᠢ ᠶᠢᠨ ᠲᠦᠪᠰᠢᠨ ᠡᠴᠡ ᠳᠡᠭᠡᠭᠰᠢ 1145᠎ ᠮᠧᠲ᠋ᠷ ᠡᠷᠭᠦᠭᠳᠡᠵᠦ ᠪᠠᠢᠬᠤ ᠪᠥᠭᠡᠳ ᠠᠭᠤᠯᠠᠨ ᠣᠷᠭᠢᠯ ᠳᠡᠬᠢ ᠬᠠᠳᠠ ᠴᠢᠯᠠᠭᠤ ᠨᠢ ᠢᠯᠡ ᠬᠠᠷᠠᠭᠳᠠᠵᠤ ᠪᠠᠢᠳᠠᠭ ᠃ ᠡᠨᠡ ᠨᠢ ᠪᠠᠷᠤᠭ ᠮᠣᠩᠭᠤᠯᠴᠤᠳ ᠤᠨ ᠬᠡᠯᠡᠳᠡᠭ ᠠᠪᠳᠠᠷ᠎ᠠ ᠠᠭᠤᠯᠠ ᠪᠣᠯᠤᠯᠲᠠᠢ ᠃
ᠶᠤᠸᠠᠮᠪᠤᠤ ᠠᠭᠤᠯᠠ元宝山
ᠲᠤᠰ ᠠᠭᠤᠯᠠ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠤᠨ ᠵᠡᠭᠦᠨ ᠬᠣᠢᠲᠠᠢ 8.5᠎ ᠺᠢᠯᠣᠮᠧᠲ᠋ᠷ ᠵᠠᠢᠲᠠᠢ ᠪᠠᠢᠨ᠎ᠠ ᠃ ᠳᠠᠯᠠᠢ ᠶᠢᠨ ᠲᠦᠪᠰᠢᠨ ᠡᠴᠡ 912᠎ ᠮᠧᠲ᠋ᠷ ᠳᠡᠭᠡᠭᠰᠢ ᠡᠷᠭᠦᠭᠳᠡᠵᠦ ᠪᠠᠢᠳᠠᠭ ᠃
ᠮᠣᠷᠢᠨ ᠭᠤᠤ磨河沟
ᠤᠷᠢᠳᠤ ᠡᠨᠡ ᠠᠭᠤᠯᠠᠨ ᠭᠤᠤ ᠶᠢᠨ ᠬᠣᠶᠠᠷ ᠬᠥᠪᠡᠭᠡ ᠪᠡᠷ ᠠᠳᠤᠭᠤ ᠬᠠᠷᠢᠭᠤᠯᠵᠤ ᠪᠠᠢᠯ᠎ᠠ ᠭᠡᠳᠡᠭ ᠃ ᠢᠩᠭᠢᠭᠡᠳ ᠮᠣᠷᠢᠨ ᠭᠤᠤ ᠭᠡᠰᠡᠨ ᠨᠡᠷ᠎ᠡ ᠥᠭᠴᠡᠢ ᠃ ᠬᠢᠲᠠᠳ ᠬᠥᠮᠦᠨ ᠮᠣᠩᠭᠤᠯ ᠦᠭᠡ ᠬᠡᠯᠡᠵᠦ ᠴᠢᠳᠠᠬᠤ ᠦᠭᠡᠢ ᠲᠤᠯᠠ ᠮᠦᠸᠸᠢ ᠾᠧ ᠭᠤᠤ ᠪᠣᠯᠴᠢᠬᠠᠵᠠᠢ ᠃ ᠡᠨᠡ ᠭᠤᠤ ᠨᠢ ᠭᠤᠸᠠᠩ ᠳ᠋ᠧ ᠭᠦᠩ ᠪᠠᠯᠭᠠᠰᠤ ᠶᠢᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠤᠨ ᠬᠣᠢᠲᠠᠢ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )