ᠲᠡᠤᠭᠡ ᠰᠤᠶᠤᠯ
ᠣᠩᠨᠢᠭᠤᠳ ᠬᠣᠰᠢᠭᠤᠨ ᠤ(ᠢ ᠾᠸ ᠬᠦᠩ ) ᠮᠣᠩᠭᠤᠯ ᠭᠠᠵᠠᠷ ᠤᠰᠤᠨ ᠤ ᠨᠡᠷᠡᠰ ᠤᠳ 3
2019.06.18 ᠲᠣᠰ ᠥᠷᠲᠡᠭᠡᠨ ᠦ ᠨᠠᠢᠷᠠᠭᠤᠯᠤᠭᠴᠢ
ᠣᠩᠨᠢᠭᠤᠳ ᠬᠣᠰᠢᠭᠤᠨ ᠤ ᠮᠣᠩᠭᠤᠯ ᠭᠠᠵᠠᠷ ᠤᠰᠤᠨ ᠤ ᠨᠡᠷᠡᠰ ᠤᠳ 3


3. ᠤᠤᠯ ᠤᠨᠢ ᠾᠧ ᠭᠦᠩ ᠰᠢᠶᠠᠩ ᠤᠨ ᠭᠠᠵᠠᠷ ᠤᠰᠤᠨ ᠤ ᠨᠡᠷᠡᠰ
ᠢᠨᠵᠠᠭ᠎ᠠ ᠶᠢᠨ ᠭᠣᠣᠯ羊肠河
ᠢᠨᠵᠠᠭ᠎ᠠ ᠶᠢᠨ ᠭᠣᠣᠯ ᠨᠢ ᠣᠩᠨᠢᠭᠤᠳ ᠬᠣᠰᠢᠭᠤᠨ ᠤ ᠪᠠᠷᠠᠭᠤᠨ ᠳᠠᠬᠢ ᠪᠡᠷᠬᠡ ᠶᠢᠨ ᠠᠢᠯ ᠤᠨ ᠲᠡᠨᠳᠡ ᠡᠴᠡ ᠡᠬᠢ ᠠᠪᠴᠤ ᠂ ᠣᠩᠨᠢᠭᠤᠳ ᠬᠣᠰᠢᠭᠤᠨ ᠤ ᠶᠠᠩ ᠱᠣ ᠭᠧᠦ ᠮᠧᠨ ᠂ ᠲᠸᠦ ᠳ᠋ᠤᠸᠠᠨ ᠳ᠋ᠢ ᠂ ᠭᠤᠤ ᠵᠢᠶᠠ ᠯᠢᠶᠠᠩ ᠂ ᠳ᠋ᠦ᠋ ᠵᠢᠶᠠ ᠳ᠋ᠢ ᠂ ᠴᠢᠶᠣᠣ ᠲᠸᠦ ᠂ ᠵᠢᠶᠸᠢ ᠹᠠᠩ ᠶᠢᠩᠽᠢ ᠪᠡᠷ ᠥᠩᠭᠡᠷᠡᠵᠦ ᠂ ᠰᠤᠩᠱᠠᠨ ᠲᠣᠭᠤᠷᠢᠭ ᠤᠨ ᠬᠠᠷᠠᠲᠤᠬᠤᠢ ᠂ ᠪᠤᠷᠤᠬᠤᠰᠢᠭᠤ ᠪᠠᠷ ᠳᠠᠮᠵᠢᠨ ᠂ ᠳᠠᠬᠢᠭᠠᠳ ᠣᠩᠨᠢᠭᠤᠳ ᠬᠣᠰᠢᠭᠤᠨ ᠤ ᠤᠳᠤᠨᠲᠤᠬᠤᠢ ᠳᠤ ᠤᠷᠤᠰᠤᠨ ᠣᠷᠤᠵᠤ ᠂ ᠬᠤᠩᠱᠠᠨ ᠤᠰᠤᠨ ᠴᠥᠭᠦᠷᠦᠮ ᠳᠦ ᠴᠢᠳᠭᠤᠳᠠᠭ ᠃
ᠴᠦᠨᠳᠦᠪ ᠦᠨ ᠭᠣᠣᠯ少郎河
ᠴᠦᠨᠳᠦᠪ ᠦᠨ ᠭᠣᠣᠯ ᠢ ᠪᠠᠰᠠ ᠱᠣᠷᠤᠩ ᠤᠨ ᠭᠣᠣᠯ ᠭᠡᠳᠡᠭ ᠃ ᠴᠦᠨᠳᠦᠪ ᠦᠨ ᠭᠣᠣᠯ ᠨᠢ ᠣᠩᠨᠢᠭᠤᠳ ᠬᠣᠰᠢᠭᠤᠨ ᠤ ᠪᠠᠷᠠᠭᠤᠨ ᠳᠠᠬᠢ ᠭᠤᠷᠪᠠᠨ ᠰᠠᠯᠠᠭ᠎ᠠ ᠠᠭᠤᠯᠠᠨ ( ᠰᠠᠨ ᠴᠠ ᠳ᠋ᠠᠩ ᠱᠠᠨ ) ᠤ ᠵᠡᠭᠦᠨ ᠬᠣᠷᠮᠤᠢ ᠡᠴᠡ ᠡᠬᠢ ᠠᠪᠴᠤ ᠂ ᠲᠠᠩᠨᠠᠭᠦᠯ ᠤᠨ ᠲᠠᠯ᠎ᠠ ᠂ ᠶᠠᠩ ᠱᠣ ᠭᠧᠦ ᠮᠧᠨ ᠂ ᠢ ᠾᠧ ᠭᠦᠩ ᠂ ᠭᠤᠸᠠᠩ ᠳ᠋ᠧ ᠭᠦᠩ ᠂ ᠱᠠᠨ ᠽᠦᠢᠽᠢ ᠂ ᠪᠤᠷᠤᠬᠤᠳᠠ ᠂ ᠪᠠᠭᠠᠲᠠᠯ᠎ᠠ ᠂ ᠪᠦᠯᠢᠶᠡᠨ ᠂ ᠰᠢᠷᠠᠲᠠᠯ᠎ᠠ ᠵᠡᠷᠭᠡ ᠭᠠᠵᠠᠷ ᠢᠶᠠᠷ ᠳᠠᠮᠵᠢᠨ ᠰᠢᠷᠠᠮᠦᠷᠡᠨ ᠭᠣᠣᠯ ᠲᠠᠢ ᠤᠷᠤᠰᠭᠠᠯ ᠨᠡᠢᠯᠡᠳᠡᠭ ᠃ ᠯᠢᠶᠣᠣ ᠤᠯᠤᠰ ᠤᠨ ᠦᠶ᠎ᠡ ᠳᠦ ᠡᠨᠡ ᠭᠣᠣᠯ ᠢ《 ᠿᠤᠤ ᠯᠧ ᠭᠣᠣᠯ》‍᠎ ᠭᠡᠳᠡᠭ ᠃
ᠵᠠᠬᠢᠷᠤᠭᠴᠢ ᠶᠢᠨ ᠠᠢᠯ亿合公 ( ᠢ ᠾᠧ ᠭᠦᠩ )
ᠣᠨ ᠲᠣᠭᠠᠯᠠᠯ ᠤᠨ1636-1643᠎ ᠣᠨ ᠤ ᠦᠶ᠎ᠡ ᠳᠦ ᠡᠨᠳᠡ ᠨᠢᠭᠡᠨᠲᠡ ᠠᠢᠯ ᠢᠷᠡᠵᠦ ᠰᠠᠭᠤᠵᠠᠢ ᠃ ᠡᠬᠢᠨ ᠳᠡᠭᠡᠨ ᠮᠣᠩᠭᠤᠯ ᠢᠶᠠᠷ ᠵᠠᠬᠢᠷᠤᠭᠴᠢ ( 扎尔哈奇) ᠶᠢᠨ ᠠᠢᠯ ᠭᠡᠵᠦ ᠪᠠᠢᠭᠰᠠᠨ ᠢᠶᠠᠨ ᠣᠨ ᠲᠣᠭᠠᠯᠠᠯ ᠤᠨ1736-1795᠎ ᠣᠨ ᠤ ᠦᠶ᠎ᠡ ᠳᠦ ᠭᠠᠳᠠᠨ᠎ᠠ ᠡᠴᠡ ᠬᠢᠲᠠᠳ ᠬᠥᠮᠦᠨ ᠠᠷᠢᠬᠢᠨ ᠦᠢᠯᠡᠳᠪᠦᠷᠢ ᠪᠠᠢᠭᠤᠯᠵᠤ《ᠢ ᠾᠧ ᠭᠦᠩ 》ᠭᠡᠬᠦ ᠲᠠᠸᠠᠷ ᠤᠨ ᠨᠡᠷ᠎ᠡ ᠠᠪᠤᠭᠰᠠᠨ ᠡᠴᠡ ᠡᠨᠡ ᠭᠠᠵᠠᠷ ᠲᠤ《 ᠢ ᠾᠧ ᠭᠦᠩ 》ᠭᠡᠬᠦ ᠨᠡᠷ᠎ᠡ ᠰᠢᠩᠭᠡᠵᠠᠢ ᠃ ᠬᠣᠵᠢᠮ ᠨᠢ ᠡᠨᠡ ᠠᠢᠯ ᠳᠤ ᠭᠠᠴᠠᠭ᠎ᠠ ᠂ ᠰᠢᠶᠠᠩ ᠤᠨ ᠵᠠᠰᠠᠭ ᠤᠨ ᠣᠷᠳᠤᠨ ᠰᠠᠭᠤᠪᠠ ᠃ ᠢ ᠾᠧ ᠭᠦᠩ ᠨᠢ ᠣᠩᠨᠢᠭᠤᠳ ᠬᠣᠰᠢᠭᠤᠨ ᠤ ᠵᠠᠰᠠᠭ ᠤᠨ ᠣᠷᠳᠤᠨ ᠦ ᠰᠠᠭᠤᠭ᠎ᠠ ᠭᠠᠵᠠᠷ ᠪᠤᠷᠤᠬᠤᠳᠠ ᠡᠴᠡ ᠪᠠᠷᠠᠭᠤᠨᠰᠢ 58.5᠎ ᠺᠢᠯᠣᠮᠧᠲ᠋ᠷ ᠬᠤᠯᠠ ᠪᠠᠢᠳᠠᠭ ᠃
ᠬᠦᠨᠳᠦ ᠶᠢᠨ ᠠᠢᠯ坤头营子
ᠣᠨ ᠲᠣᠭᠠᠯᠠᠯ ᠤᠨ1723-1735᠎ ᠣᠨ ᠤ ᠦᠶ᠎ᠡ ᠳᠦ ᠮᠣᠩᠭᠤᠯ ᠬᠥᠮᠦᠨ ᠡᠨᠳᠡ ᠢᠷᠡᠵᠦ ᠠᠢᠯ ᠪᠠᠢᠭᠤᠯᠤᠨ ᠂ ᠴᠢᠩ ᠤᠯᠤᠰ ᠲᠤ《 ᠬᠦᠨᠳᠦ 》ᠬᠡᠮᠡᠬᠦ ᠨᠣᠶᠠᠨ ᠵᠡᠷᠭᠡ ᠰᠠᠭᠤᠵᠠᠢ ᠃ ᠡᠨᠡ ᠠᠢᠯ ᠨᠢ ᠢ ᠾᠧ ᠭᠦᠩ ᠰᠢᠶᠠᠩ ᠤᠨ ᠰᠠᠭᠤᠭ᠎ᠠ ᠭᠠᠵᠠᠷ ᠡᠴᠡ ᠵᠡᠭᠦᠨ ᠬᠣᠢᠰᠢ 3᠎ ᠺᠢᠯᠣᠮᠧᠲ᠋ᠷ ᠵᠠᠢᠲᠠᠢ ᠪᠠᠢᠳᠠᠭ ᠃
ᠮᠤᠩᠭᠤᠯᠠᠢᠯ蒙古营子
ᠣᠨ ᠲᠣᠭᠠᠯᠠᠯ ᠤᠨ1736-1795᠎ ᠣᠨ ᠤ ᠦᠶ᠎ᠡ ᠳᠦ ᠡᠨᠳᠡ ᠮᠣᠩᠭᠤᠯ ᠬᠥᠮᠦᠰ ᠢᠷᠡᠵᠦ ᠠᠢᠯ ᠡᠷᠦᠬᠡ ᠪᠠᠢᠭᠤᠯᠵᠠᠢ ᠃ ᠲᠤᠰ ᠠᠢᠯ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠬᠣᠢᠨ᠎ᠠ 7᠎ ᠺᠢᠯᠣᠮᠧᠲ᠋ᠷ ᠠᠯᠤᠰ ᠳᠠᠬᠢ ᠠᠭᠤᠯᠠᠨ ᠡᠩᠭᠡᠷ ᠲᠦ ᠪᠠᠢᠳᠠᠭ ᠃
ᠯᠤᠪᠰᠠᠩ ᠤᠨ ᠭᠤᠤ ᠶᠢᠨ ᠠᠢᠯ卜僧营子
ᠣᠨ ᠲᠣᠭᠠᠯᠠᠯ ᠤᠨ1796-1820᠎ ᠣᠨ ᠤ ᠦᠶ᠎ᠡ ᠳᠦ ᠯᠤᠪᠰᠠᠩ ᠭᠡᠰᠡᠨ ᠨᠡᠷ᠎ᠡ ᠲᠠᠢ ᠮᠣᠩᠭᠤᠯ ᠬᠥᠮᠦᠨ ᠡᠨᠳᠡ ᠠᠢᠯ ᠡᠷᠦᠬᠡ ᠪᠠᠢᠭᠤᠯᠵᠤ ᠰᠠᠭᠤᠵᠠᠢ ᠃ ᠲᠤᠰ ᠠᠢᠯ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠬᠣᠢᠨ᠎ᠠ 4᠎ ᠺᠢᠯᠣᠮᠧᠲ᠋ᠷ ᠠᠯᠤᠰ ᠳᠠᠬᠢ ᠠᠭᠤᠯᠠᠨ ᠭᠤᠤ ᠶᠢᠨ ᠣᠢᠷᠠᠯᠴᠠᠭ᠎ᠠ ᠪᠠᠢᠳᠠᠭ ᠃
ᠢᠩᠳᠠᠢ ᠭᠤᠤ ᠶᠢᠨ ᠠᠢᠯ樱桃沟门
1662-1722᠎ ᠣᠨ ᠤ ᠦᠶ᠎ᠡ ᠳᠦ ᠡᠨᠳᠡ ᠮᠣᠩᠭᠤᠯ ᠠᠢᠯ ᠢᠷᠡᠵᠦ ᠰᠠᠭᠤᠪᠠ ᠃ ᠠᠢᠯ ᠤᠨ ᠬᠠᠵᠠᠭᠤ ᠳᠠᠬᠢ ᠠᠭᠤᠯᠠᠨ ᠭᠤᠤ ᠶᠢᠨ ᠳᠡᠷᠭᠡᠳᠡ ᠨᠢ ᠢᠩ ᠲᠡᠭᠡᠷᠡᠮ᠎ᠡ ᠪᠠᠢᠳᠠᠭ ᠢᠶᠠᠷ ᠨᠢ ᠢᠩᠳᠠᠢ ᠭᠤᠤ ᠶᠢᠨ ᠠᠢᠯ ᠭᠡᠵᠦ ᠨᠡᠷᠡᠯᠡᠵᠠᠢ ᠃ ᠬᠣᠵᠢᠮ ᠨᠢ ᠬᠢᠲᠠᠳ ᠤᠳ ᠡᠨᠡ ᠨᠡᠷ᠎ᠡ ᠶᠢ ᠬᠡᠯᠡᠵᠦ ᠴᠢᠳᠠᠬᠤ ᠦᠭᠡᠢ ᠳᠠᠭᠠᠨ ᠢᠩ ᠲᠤᠤ ᠡᠯ ᠭᠧᠦ ᠮᠧᠨ ᠭᠡᠬᠦ ᠪᠣᠯᠪᠠ ᠃ ᠡᠨᠡ ᠠᠢᠯ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠪᠠᠷᠠᠭᠤᠨᠰᠢ 5.7᠎ ᠺᠢᠯᠣᠮᠧᠲ᠋ᠷ ᠵᠠᠢᠲᠠᠢ ᠪᠠᠢᠳᠠᠭ ᠃
ᠰᠠᠢᠬᠠᠨ ᠭᠤᠤ ᠶᠢᠨ ᠠᠮᠠ ᠤᠨ ᠠᠢᠯ桑材沟门
ᠣᠨ ᠲᠣᠭᠠᠯᠠᠯ ᠤᠨ 1662-1722᠎ ᠣᠨ ᠤ ᠦᠶ᠎ᠡ ᠳᠦ ᠡᠨᠳᠡ ᠠᠢᠯ ᠡᠷᠦᠬᠡ ᠰᠠᠭᠤᠷᠢᠰᠢᠵᠠᠢ ᠃ ᠠᠢᠯ ᠨᠢ ᠰᠠᠢᠬᠠᠨ ᠭᠤᠤ ᠶᠢᠨ ᠠᠮᠠᠨ ᠳᠤ ᠪᠠᠢᠬᠤ ᠪᠣᠯᠬᠣᠷ《 ᠰᠠᠢᠬᠠᠨ ᠭᠤᠤ ᠶᠢᠨ ᠠᠮᠠ 》ᠭᠡᠬᠦ ᠨᠡᠷ᠎ᠡ ᠶᠢ ᠠᠪᠴᠠᠢ ᠃ ᠡᠨᠳᠡ ᠥᠨᠥ ᠪᠠᠰᠠ ᠮᠣᠩᠭᠤᠯ ᠬᠥᠮᠦᠨ ᠠᠮᠢᠳᠤᠷᠠᠵᠤ ᠪᠠᠢᠨ᠎ᠠ ᠃ ᠬᠢᠲᠠᠳ ᠤᠳ ᠰᠠᠢᠬᠠᠨ ᠭᠡᠳᠡᠭ ᠢ ᠬᠤᠪᠢᠷᠠᠭᠤᠯᠵᠤ ᠰᠠᠩ ᠰᠠᠢ ᠪᠣᠯᠭᠠᠴᠢᠬᠠᠵᠠᠢ ᠃ ᠲᠤᠰ ᠠᠢᠯ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠵᠡᠭᠦᠨᠰᠢ 7᠎ ᠺᠢᠯᠣᠮᠧᠲ᠋ᠷ ᠵᠠᠢᠲᠠᠢ ᠪᠠᠢᠳᠠᠭ ᠃
ᠬᠠᠢᠯᠠᠰᠤᠲᠠᠢ ᠶᠢᠨ ᠠᠢᠯ海苏台
ᠣᠨ ᠲᠣᠭᠠᠯᠠᠯ ᠤᠨ 1796-1820᠎ ᠣᠨ ᠤ ᠦᠶ᠎ᠡ ᠳᠦ ᠮᠣᠩᠭᠤᠯᠴᠤᠳ ᠡᠨᠳᠡ ᠠᠢᠯ ᠡᠷᠦᠬᠡ ᠪᠠᠢᠭᠤᠯᠪᠠ ᠃ ᠡᠨᠳᠡ ᠬᠠᠢᠯᠠᠰᠤᠨ ᠮᠣᠳᠤ ᠡᠯᠪᠡᠭ ᠪᠣᠯᠬᠣᠷ ᠬᠠᠢᠯᠠᠰᠤᠲᠠᠢ ᠭᠡᠬᠦ ᠨᠡᠷ᠎ᠡ ᠶᠢ ᠠᠪᠤᠪᠠ ᠃ ᠥᠨᠥ ᠪᠦᠷ ᠬᠢᠲᠠᠳ ᠠᠢᠯ ᠪᠣᠯᠪᠠ ᠃ ᠲᠤᠰ ᠠᠢᠯ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠬᠣᠢᠨ᠎ᠠ 11᠎ ᠺᠢᠯᠣᠮᠧᠲ᠋ᠷ ᠵᠠᠢᠲᠠᠢ ᠪᠠᠢᠳᠠᠭ ᠃
ᠬᠠᠢᠯᠠᠰᠤᠲᠠᠢ ᠶᠢᠨ ᠡᠮᠦᠨ᠎ᠡ ᠭᠤᠤ ᠶᠢᠨ ᠠᠢᠯ海南沟
ᠣᠨ ᠲᠣᠭᠠᠯᠠᠯ ᠤᠨ 1821-1850᠎ ᠣᠨ ᠤ ᠦᠶ᠎ᠡ ᠳᠦ ᠡᠨᠡ ᠠᠢᠯ ᠢ ᠪᠠᠢᠭᠤᠯᠵᠠᠢ ᠃ ᠡᠨᠡ ᠠᠢᠯ ᠨᠢ ᠬᠠᠢᠯᠠᠰᠤᠲᠠᠢ ᠶᠢᠨ ᠡᠮᠦᠨ᠎ᠡ ᠭᠤᠤ ᠶᠢᠨ ᠬᠥᠪᠡᠭᠡᠨ ᠳᠦ ᠪᠠᠢᠳᠠᠭ ᠪᠦᠭᠡᠳᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠪᠠᠷᠠᠭᠤᠨ ᠬᠣᠢᠨ᠎ᠠ 10.5᠎ ᠺᠢᠯᠣᠮᠧᠲ᠋ᠷ ᠵᠠᠢᠲᠠᠢ ᠪᠠᠢᠳᠠᠭ ᠃
ᠬᠤᠰᠤᠲᠦ ᠭᠤᠤ ᠶᠢᠨ ᠲᠣᠰᠭᠤᠨ桦树沟
ᠣᠨ ᠲᠣᠭᠠᠯᠠᠯ ᠤᠨ 1912᠎ ᠣᠨ ᠳᠤ ᠡᠨᠳᠡ ᠲᠣᠰᠭᠤᠨ ᠪᠠᠢᠭᠤᠯᠵᠠᠢ ᠃ ᠬᠤᠰᠤᠨ ᠮᠣᠳᠤ ᠤᠯᠠᠨ ᠲᠠᠢ ᠠᠭᠤᠯᠠᠨ ᠭᠤᠤ ᠪᠣᠯᠬᠣᠷ ᠬᠤᠰᠤᠲᠦ ᠭᠤᠤ ᠭᠡᠵᠦ ᠨᠡᠷᠡᠯᠡᠭᠰᠡᠨ ᠪᠣᠯᠵᠤ ᠥᠨᠥ ᠬᠢᠲᠠᠳ ᠨᠡᠷ᠎ᠡ ᠪᠡᠷ ᠬᠤᠸᠠ ᠱᠤ ᠭᠧᠦ ᠭᠡᠵᠦ ᠶᠠᠪᠤᠵᠤ ᠪᠠᠢᠨ᠎ᠠ ᠃ ᠡᠨᠳᠡ ᠮᠣᠩᠭᠤᠯ ᠠᠢᠯ ᠪᠠᠢᠳᠠᠭ ᠃ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠤᠨ ᠪᠠᠷᠠᠭᠤᠨ ᠬᠣᠢᠨ᠎ᠠ 9᠎ ᠺᠢᠯᠣᠮᠧᠲ᠋ᠷ ᠵᠠᠢᠲᠠᠢ ᠪᠠᠢᠨ᠎ᠠ ᠃
ᠬᠤᠵᠢᠭᠠᠷ ᠳᠠᠪᠠᠭ᠎ᠠ浩吉根梁
ᠠᠭᠤᠯᠠᠨ ᠳᠡᠭᠡᠷᠡᠬᠢ ᠮᠤᠲᠦ ᠰᠢᠭᠤᠢ ᠶᠢ ᠨᠢ ᠲᠤᠰ ᠣᠷᠤᠨ ᠤ ᠠᠷᠢᠬᠢᠨ ᠦᠢᠯᠡᠳᠪᠦᠷᠢ ᠶᠢᠨ ᠬᠢᠨ ᠤᠭᠲᠤᠯᠵᠦ ᠤᠨᠠᠭᠠᠵᠦ ᠲᠦᠯᠡᠰᠢ ᠬᠢᠵᠦ ᠂ ᠠᠭᠤᠯᠠᠨ ᠤᠷᠤᠢ ᠶᠢ ᠨᠢ ᠬᠤᠪᠬᠠᠢᠷᠠᠭᠤᠯᠵᠦ ᠬᠤᠵᠢᠭᠠᠷ ᠠᠭᠤᠯᠠ ᠪᠣᠯᠭᠠᠵᠠᠢ ᠃ ᠡᠨᠡ ᠠᠭᠤᠯᠠ ᠨᠢ ᠢᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠬᠤ ᠭᠠᠵᠠᠷ ᠡᠴᠡ ᠪᠠᠷᠠᠭᠤᠨᠰᠢ 4᠎ ᠺᠢᠯᠣᠮᠧᠲ᠋ᠷ ᠵᠠᠢᠲᠠᠢ ᠪᠠᠢᠵᠤ ᠂ ᠳᠠᠯᠠᠢ ᠶᠢᠨ ᠲᠦᠪᠰᠢᠨ ᠡᠴᠡ 1356᠎ ᠮᠧᠲ᠋ᠷ ᠳᠡᠭᠡᠭᠰᠢ ᠡᠷᠭᠦᠭᠳᠡᠵᠦ ᠪᠠᠢᠨ᠎ᠠ ᠃
ᠪᠠᠷᠠᠭᠤᠨ ᠲᠠᠯᠠᠪᠠᠢ ᠶᠢᠨ ᠤᠪᠤᠭ᠎ᠠ西场敖包
ᠡᠨᠡ ᠤᠪᠤᠭ᠎ᠠ ᠲᠠᠢ ᠠᠭᠤᠯᠠ ᠨᠢ ᠪᠠᠷᠠᠭᠤᠨ ᠲᠠᠯᠠᠪᠠᠢ ᠥᠭᠡᠳᠡ ᠶᠠᠪᠤᠬᠤ ᠵᠠᠮ ᠳᠡᠭᠡᠷ᠎ᠡ ᠪᠠᠢᠬᠤ ᠪᠣᠯᠬᠣᠷ ᠡᠢᠮᠦ ᠨᠡᠷ᠎ᠡ ᠶᠢ ᠥᠭᠴᠡᠢ ᠃ ᠮᠣᠩᠭᠤᠯᠴᠤᠳ ᠡᠨᠳᠡ ᠤᠪᠤᠭ᠎ᠠ ᠳᠠᠬᠢᠵᠤ ᠪᠠᠢᠵᠠᠢ ᠃ ᠡᠨᠡ ᠠᠭᠤᠯᠠ ᠨᠢᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠭ᠎ᠠ ᠭᠠᠵᠠᠷ ᠡᠴᠡ ᠪᠠᠷᠠᠭᠤᠨ ᠬᠣᠢᠨ᠎ᠠ 9.5᠎ ᠺᠢᠯᠣᠮᠧᠲ᠋ᠷ ᠵᠠᠢᠲᠠᠢ ᠪᠠᠢᠵᠤ ᠂ ᠳᠠᠯᠠᠢ ᠶᠢᠨ ᠲᠦᠪᠰᠢᠨ ᠡᠴᠡ ᠳᠡᠭᠡᠭᠰᠢ1416᠎ ᠮᠧᠲ᠋ᠷ ᠡᠷᠭᠦᠭᠳᠡᠵᠦ ᠪᠠᠢᠨ᠎ᠠ ᠃
ᠯᠤᠪᠰᠠᠩ ᠤᠨ ᠭᠤᠤ卜僧沟
ᠯᠤᠪᠰᠠᠩ ᠤᠨ ᠭᠤᠤ ᠶᠢᠨ ᠠᠢᠯ ᠤᠨᠤᠢᠷᠠᠯᠴᠠᠭ᠎ᠠ ᠪᠠᠢᠬᠤ ᠲᠤᠯᠠ ᠯᠤᠪᠰᠠᠩ ᠤᠨ ᠭᠤᠤ ᠭᠡᠵᠦ ᠨᠡᠷ᠎ᠡ ᠥᠭᠴᠡᠢ ᠃ ᠡᠨᠡ ᠭᠤᠤ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠬᠤ ᠭᠠᠵᠠᠷ ᠡᠴᠡ ᠪᠠᠷᠠᠭᠤᠨ ᠬᠣᠢᠨ᠎ᠠ 3.5᠎ ᠺᠢᠯᠣᠮᠧᠲ᠋ᠷ ᠵᠠᠢᠲᠠᠢ ᠪᠠᠢᠵᠤ ᠂ ᠭᠤᠤ ᠶᠢᠨ ᠤᠷᠲᠤ ᠨᠢ 7᠎ ᠺᠢᠯᠣᠮᠧᠲ᠋ᠷ ᠂ ᠥᠷᠭᠡᠨ ᠨᠢ 350᠎ ᠮᠧᠲ᠋ᠷ ᠪᠠᠢᠨ᠎ᠠ ᠃
ᠮᠤᠬᠤᠷ ᠭᠤᠤ莫葫芦沟
ᠡᠨᠡ ᠭᠤᠤ ᠨᠢ ᠢ ᠾᠧ ᠭᠦᠩ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠬᠤ ᠭᠠᠵᠠᠷ ᠡᠴᠡ ᠪᠠᠷᠠᠭᠤᠨ ᠡᠮᠦᠨ᠎ᠡ 6᠎ ᠺᠢᠯᠣᠮᠧᠲ᠋ᠷ ᠵᠠᠢᠲᠠᠢ ᠪᠠᠢᠵᠤ ᠂ ᠭᠤᠤ ᠶᠢᠨ ᠤᠷᠲᠤ ᠨᠢ 2.5᠎ ᠺᠢᠯᠣᠮᠧᠲ᠋ᠷ ᠂ ᠥᠷᠭᠡᠨ ᠨᠢ 50᠎ ᠮᠧᠲ᠋ᠷ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )