ᠲᠡᠤᠭᠡ ᠰᠤᠶᠤᠯ
ᠤᠤᠯ ᠤᠨ ᠲᠧᠦ ᠳ᠋ᠤᠸᠠᠨ ᠳ᠋ᠢ ᠰᠢᠶᠠᠩ ᠤᠨ ᠭᠠᠵᠠᠷ ᠤᠰᠤᠨ ᠤ ᠨᠡᠷᠡᠰ ᠦᠳ
2019.06.18 ᠲᠣᠰ ᠥᠷᠲᠡᠭᠡᠨ ᠦ ᠨᠠᠢᠷᠠᠭᠤᠯᠤᠭᠴᠢ

2. ᠤᠤᠯ ᠤᠨ ᠲᠧᠦ ᠳ᠋ᠤᠸᠠᠨ ᠳ᠋ᠢ ᠰᠢᠶᠠᠩ ᠤᠨ ᠭᠠᠵᠠᠷ ᠤᠰᠤᠨ ᠤ ᠨᠡᠷᠡᠰ ᠤᠳ

ᠣᠯᠤᠮ ᠤᠨ ᠠᠢᠯ敖牛洼
ᠣᠨ ᠲᠣᠭᠠᠯᠠᠯ ᠤᠨ1736-1795᠎ ᠣᠨ ᠤ ᠦᠶ ᠡ ᠳᠦ ᠲᠣᠰᠭᠤᠨ ᠪᠠᠢᠭᠤᠯᠵᠤ ᠂ ᠭᠣᠣᠯ ᠤᠨ ᠡᠮᠦᠨ ᠡ ᠨᠢ ᠭᠣᠣᠯ ᠭᠠᠲᠤᠯᠠᠵᠦ ᠪᠣᠯᠬᠤ ᠨᠡᠯᠦ ᠣᠯᠤᠮ ᠪᠠᠢᠳᠠᠭ ᠢᠶᠠᠷ ᠨᠢ ᠣᠯᠤᠮ ᠦᠨ ᠠᠢᠯ ᠭᠡᠵᠦ ᠨᠡᠷᠡᠯᠡᠵᠡᠢ ᠃ ᠡᠨᠡ ᠲᠣᠰᠭᠤᠨ ᠨᠢ ᠤᠤᠯ ᠤᠨ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠰᠢ 2᠎ ᠺᠢᠯᠣᠮᠧᠲ᠋ᠷ ᠵᠠᠢᠲᠠᠢ ᠪᠠᠢᠳᠠᠭ ᠃
ᠲᠠᠢᠵᠢ ᠶᠢᠨ ᠳᠠᠪᠠᠭ ᠠ ᠶᠢᠨ ᠲᠣᠰᠭᠤᠨ台吉梁
ᠣᠨ ᠲᠣᠭᠠᠯᠠᠯ ᠤᠨ1912-1949᠎ ᠣᠨ ᠤ ᠦᠶ ᠡ ᠳᠦ ᠮᠣᠩᠭᠤᠯ ᠦᠨᠳᠦᠰᠦᠲᠡᠨ ᠦ ᠢᠵᠠᠭᠤᠷᠲᠠᠨ ᠪᠣᠷᠵᠢᠭᠢᠨ ᠣᠪᠤᠭᠲᠤ ᠲᠠᠢᠵᠢ ᠶᠢᠨ ᠭᠡᠷ ᠦᠨ ᠬᠠᠵᠠᠭᠤ ᠳᠠᠬᠢ ᠠᠭᠤᠯᠠᠨ ᠳᠠᠪᠠᠭ ᠠ ᠳᠡᠭᠡᠷ ᠡ ᠲᠣᠰᠭᠤᠨ ᠪᠠᠢᠭᠤᠯᠵᠤ《 ᠲᠠᠢᠵᠢ ᠶᠢᠨ ᠳᠠᠪᠠᠭ ᠠ 》‍᠎ ᠶᠢᠨ ᠲᠣᠰᠭᠤᠨ ᠭᠡᠵᠦ ᠨᠡᠷ ᠡ ᠥᠭᠴᠡᠢ ᠃ ᠡᠨᠡ ᠲᠣᠰᠭᠤᠨ ᠨᠢ ᠤᠤᠯ ᠤᠨ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠬᠣᠢᠨ ᠠ 7.5᠎ ᠺᠢᠯᠣᠮᠧᠲ᠋ᠷ ᠬᠤᠯᠠ ᠪᠠᠢᠭ ᠠ ᠠᠭᠤᠯᠠᠨ ᠬᠠᠵᠠᠭᠤ ᠳᠡᠭᠡᠷ ᠡ ᠪᠠᠢᠳᠠᠭ ᠃
ᠲᠠᠢᠵᠢ ᠶᠢᠨ ᠬᠡᠭᠦᠷ ᠦᠨ ᠭᠤᠤ ᠳᠡᠬᠢ ᠲᠣᠰᠭᠤᠨ 台吉坟沟
ᠣᠨ ᠲᠣᠭᠠᠯᠠᠯ ᠤᠨ1736-1795᠎ ᠣᠨ ᠤ ᠦᠶ ᠡ ᠳᠦ ᠪᠣᠷᠵᠢᠭᠢᠨ ᠤᠪᠤᠭᠲᠦ ᠲᠠᠢᠵᠢ ᠶᠢᠨ ᠬᠡᠭᠦᠷ ᠣᠩᠭᠤᠨ ᠤ ᠭᠤᠤ ᠶᠢᠨ ᠳᠡᠷᠭᠡᠳᠡ ᠲᠣᠰᠭᠤᠨ ᠪᠠᠢᠭᠤᠯᠤᠭᠠᠳ ᠡᠢᠮᠦ ᠨᠡᠷ ᠡ ᠥᠭᠴᠡᠢ ᠃ ᠡᠨᠡ ᠲᠣᠰᠭᠤᠨ ᠨᠢ ᠤᠤᠯ ᠤᠨ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠬᠣᠢᠨ ᠠ 9᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠦ ᠪᠠᠢᠨ ᠠ ᠃
ᠲᠠᠢᠵᠢ ᠶᠢᠨ ᠬᠡᠭᠦᠷ ᠦᠨ ᠭᠤᠤ ᠶᠢᠨ ᠠᠮᠠ ᠳᠡᠬᠢ ᠲᠣᠰᠭᠤᠨ台吉坟沟门
ᠣᠨ ᠲᠣᠭᠠᠯᠠᠯ ᠤᠨ1909-1911᠎ ᠣᠨ ᠤ ᠦᠶ ᠡ ᠳᠦ ᠪᠣᠷᠵᠢᠭᠢᠨ ᠣᠪᠤᠭᠲᠤ ᠲᠠᠢᠵᠢ ᠶᠢᠨ ᠬᠡᠭᠦᠷ ᠣᠩᠭᠤᠨ ᠤ ᠭᠤᠤ ᠶᠢᠨ ᠠᠮᠠᠨ ᠳᠡᠭᠡᠷ ᠡ ᠲᠣᠰᠭᠤᠨ ᠪᠠᠢᠭᠤᠯᠵᠤ ᠡᠢᠮᠦ ᠨᠡᠷ ᠡ ᠥᠭᠴᠡᠢ ᠃ ᠡᠨᠡ ᠲᠣᠰᠭᠤᠨ ᠨᠢ ᠤᠤᠯ ᠤᠨ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠬᠣᠢᠨ ᠠ 8᠎ ᠺᠢᠯᠣᠮᠧᠲ᠋ᠷ ᠵᠠᠢᠲᠠᠢ ᠠᠭᠤᠯᠠᠨ ᠭᠤᠤ ᠶᠢᠨ ᠳᠣᠣᠷ ᠠ ᠬᠣᠷᠮᠤᠢ ᠳᠤ ᠪᠠᠢᠨ ᠠ ᠃
ᠳᠠᠭᠠᠯᠲᠠ ᠶᠢᠨ ᠲᠣᠰᠭᠤᠨ陪房营子
《 ᠣᠩᠨᠢᠭᠤᠳ ᠬᠣᠰᠢᠭᠤᠨ ᠤ ᠭᠠᠵᠠᠷ ᠤᠨ ᠨᠡᠷᠡᠰ ᠦᠨ ᠲᠡᠮᠳᠡᠭᠯᠡᠯ 》ᠭᠡᠬᠦ ᠨᠣᠮ ᠳᠡᠭᠡᠷ ᠡ《 ᠣᠨ ᠲᠣᠭᠠᠯᠠᠯ ᠤᠨ1736-1795᠎ ᠣᠨ ᠤ ᠦᠶ ᠡ ᠳᠦ ᠲᠣᠰᠭᠤᠨ ᠪᠠᠢᠭᠤᠯᠵᠤ ᠂ ᠬᠣᠰᠢᠭᠤᠨ ᠸᠠᠩ ᠨᠣᠶᠠᠨ ᠤ ᠬᠡᠦᠬᠡᠨ ᠢ ᠳᠠᠭᠠᠵᠤ ᠢᠷᠡᠭᠰᠡᠨ ᠳᠠᠭᠠᠯᠲᠠ ᠶᠢᠨ ᠰᠠᠭᠤᠳᠠᠭ ᠢᠶᠠᠷ ᠨᠢ〈ᠳᠠᠭᠠᠯᠲᠠ ᠲᠣᠰᠭᠤᠨ 〉ᠭᠡᠵᠦ ᠨᠡᠷ ᠡ ᠥᠭᠴᠡᠢ 》‍᠎ ᠭᠡᠵᠦ ᠲᠡᠮᠳᠡᠭᠯᠡᠵᠦ ᠪᠠᠢᠨ ᠠ ᠃ ᠨᠠᠢᠷᠠᠭᠤᠯᠤᠭᠴᠢ ᠶᠢᠨ ᠦᠵᠡᠬᠦ ᠪᠡᠷ《 ᠡᠨᠡ ᠠᠢᠯ ᠪᠣᠯ ᠴᠢᠩ ᠤᠯᠤᠰ ᠤᠨ ᠮᠠᠨᠵᠤ ᠬᠠᠭᠠᠨ ᠤ ᠭᠦᠩᠵᠦ ᠶᠢ ᠳᠠᠭᠠᠵᠤ ᠣᠩᠨᠢᠭᠤᠳ ᠪᠠᠷᠠᠭᠤᠨ ᠭᠠᠷᠤᠨ ᠬᠣᠰᠢᠭᠤᠨ ᠳᠤ ᠢᠷᠡᠭᠰᠡᠨ ᠳᠠᠭᠠᠯᠲᠠ ᠤᠳ ᠤᠨ ᠪᠠᠢᠭᠤᠯᠤᠭᠰᠠᠨ ᠲᠣᠰᠭᠤᠨ ᠪᠣᠯᠤᠨ ᠠ ᠃ 》ᠡᠨᠡ ᠲᠣᠰᠭᠤᠨ ᠨᠢ ᠤᠤᠯ ᠤᠨ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 4.5᠎ ᠺᠢᠯᠣᠮᠧᠲ᠋ᠷ ᠬᠤᠯᠠ ᠪᠠᠢᠭ ᠠ ᠠᠭᠤᠯᠠᠨ ᠡᠩᠭᠡᠷ ᠲᠠᠯ ᠠ ᠳᠡᠭᠡᠷ ᠡ ᠪᠠᠢᠨ ᠠ ᠃

ᠶᠡᠬᠡ ᠯᠠᠮᠠ ᠶᠢᠨ ᠭᠤᠤ大喇嘛沟
ᠭᠦᠨ ᠠᠭᠤᠯᠠᠨ ᠭᠤᠤ ᠶᠢᠨ ᠳᠡᠷᠭᠡᠳᠡ ᠨᠢᠭᠡᠨ ᠯᠠᠮᠠ ᠬᠥᠮᠦᠨ ᠦ ᠬᠡᠭᠦᠷ ᠣᠩᠭᠤᠨ ᠪᠠᠢᠬᠤ ᠪᠣᠯᠬᠣᠷ《 ᠶᠡᠬᠡ ᠯᠠᠮᠠ ᠶᠢᠨ ᠭᠤᠤ 》ᠭᠡᠰᠡᠨ ᠨᠡᠷ ᠡ ᠥᠭᠴᠡᠢ ᠃ ᠡᠨᠡ ᠭᠤᠤ ᠨᠢ ᠤᠤᠯ ᠤᠨ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠬᠣᠢᠨ ᠠ 19᠎ ᠺᠢᠯᠣᠮᠧᠲ᠋ᠷ ᠵᠠᠢᠲᠠᠢ ᠪᠠᠢᠨ ᠠ ᠃ ᠭᠤᠤ ᠶᠢᠨ ᠤᠷᠲᠤ ᠨᠢ 2᠎ ᠺᠢᠯᠣᠮᠧᠲ᠋ᠷ ᠂ ᠦᠷᠡᠭᠡᠨ ᠨᠢ 110᠎ ᠮᠧᠲ᠋ᠷ ᠂ ᠬᠠᠮᠤᠭ ᠭᠦᠨ ᠨᠢ140᠎ ᠮᠧᠲ᠋ᠷ ᠪᠠᠢᠨ ᠠ ᠃
ᠪᠠᠭ ᠠ ᠯᠠᠮᠠ ᠶᠢᠨ ᠭᠤᠤ小喇嘛沟
ᠶᠡᠬᠡ ᠯᠠᠮᠠ ᠶᠢᠨ ᠭᠤᠤ ᠡᠴᠡ ᠪᠠᠨ ᠪᠠᠭ ᠠ ᠪᠣᠯᠬᠣᠷ《 ᠪᠠᠭ ᠠ ᠯᠠᠮᠠ ᠶᠢᠨ ᠭᠤᠤ 》‍᠎ ᠭᠡᠰᠡᠨ ᠨᠡᠷ ᠡ ᠥᠭᠴᠡᠢ ᠃ ᠡᠨᠡ ᠭᠤᠤ ᠨᠢ ᠲᠧᠦ ᠳ᠋ᠤᠸᠠᠨ ᠳ᠋ᠢ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠬᠣᠢᠨ ᠠ 17᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠲᠤ ᠨᠢ 1.5᠎ ᠺᠢᠯᠣᠮᠧᠲ᠋ᠷ ᠂ ᠦᠷᠡᠭᠡᠨ ᠨᠢ 100᠎ ᠮᠧᠲ᠋ᠷ ᠂ ᠬᠠᠮᠤᠭ ᠭᠦᠨ ᠨᠢ 20᠎ ᠮᠧᠲ᠋ᠷ ᠪᠠᠢᠨ ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )