ᠲᠡᠤᠭᠡ ᠰᠤᠶᠤᠯ
ᠣᠩᠨᠢᠭᠤᠳ ᠬᠤᠰᠢᠭᠤᠨ ᠤ(ᠶᠠᠩ ᠱᠤ ᠬᠥ᠋ ᠮᠸᠨ) ᠮᠣᠩᠭᠤᠯ ᠭᠠᠵᠠᠷ ᠤᠰᠤᠨ ᠤ ᠨᠡᠷᠡᠰ11
2019.06.18 ᠲᠣᠰ ᠥᠷᠲᠡᠭᠡᠨ ᠦ ᠨᠠᠢᠷᠠᠭᠤᠯᠤᠭᠴᠢ

ᠣᠩᠨᠢᠭᠤᠳ ᠬᠣᠰᠢᠭᠤᠨ ᠤ ᠮᠣᠩᠭᠤᠯ ᠭᠠᠵᠠᠷ ᠤᠰᠤᠨ ᠤ ᠨᠡᠷᠡᠰ11᠎ ᠂ ᠤᠤᠯ ᠤᠨ ᠶᠠᠩ ᠱᠤ ᠭᠧᠦ ᠮᠧᠨ ᠰᠢᠶᠠᠩ ᠤᠨ ᠭᠠᠵᠠᠷ ᠤᠰᠤᠨ ᠤ ᠮᠣᠩᠭᠤᠯ ᠨᠡᠷᠡᠰ ᠤᠳ
ᠤᠯᠢᠶᠠᠰᠤᠳᠤ ᠭᠤᠤ ᠶᠢᠨ ᠠᠮᠠ ᠤᠨ ᠲᠣᠰᠭᠤᠨ杨树沟门
ᠤᠨ ᠲᠣᠭᠠᠯᠠᠯ ᠤᠨ1662-1722᠎ ᠤᠨ ᠤ ᠦᠶ ᠡ ᠳᠤ ᠤᠯᠢᠶᠠᠰᠤ ᠮᠣᠳᠤ ᠤᠳ ᠲᠠᠢ ᠭᠤᠤ ᠶᠢᠨ ᠠᠮᠠᠨ ᠳᠡᠭᠡᠷ ᠡ ᠠᠢᠯ ᠰᠠᠭᠤᠵᠤ ᠡᠢᠮᠦ ᠭᠠᠵᠠᠷ ᠤᠨ ᠨᠡᠷ ᠡ ᠠᠪᠴᠠᠢ ᠃1984᠎ ᠤᠨ ᠤ ᠦᠶ ᠡ ᠪᠠᠷ ᠡᠨᠳᠡ ᠶᠠᠩ ᠱᠤ ᠭᠧᠦ ᠮᠧᠨ ᠰᠢᠶᠠᠩ ᠶᠢ ᠪᠠᠢᠭᠤᠯᠵᠤ ᠥᠩᠭᠡᠷᠡᠪᠡ ᠃ ᠡᠨᠡ ᠲᠣᠰᠭᠤᠨ ᠨᠢ ᠣᠩᠨᠢᠭᠤᠳ ᠬᠣᠰᠢᠭᠤᠨ ᠤ ᠲᠥᠪ ᠪᠤᠷᠤᠬᠤᠲᠠ ᠡᠴᠡ ᠪᠠᠷᠠᠭᠤᠨ ᠡᠮᠦᠨ ᠡ 76.5᠎ ᠺᠢᠯᠣᠮᠧᠲ᠋ᠷ ᠬᠤᠯᠠ ᠪᠠᠢᠨ ᠠ ᠃ ᠡᠨᠳᠡ ᠮᠣᠩᠭᠤᠯ ᠬᠥᠮᠦᠨ ᠰᠠᠭᠤᠵᠤ ᠪᠠᠢᠪᠠᠴᠤ ᠭᠠᠵᠠᠷ ᠤᠨ ᠨᠡᠷ ᠡ ᠪᠠᠨ ᠬᠢᠲᠠᠳ ᠢᠶᠠᠷ << ᠶᠠᠩ ᠱᠤ ᠭᠧᠦ ᠮᠧᠨ >>‍᠎ ᠭᠡᠵᠦ ᠬᠡᠯᠡᠵᠦ ᠪᠠᠢᠨ ᠠ ᠃
ᠭᠣᠷᠤᠬ ᠠ ᠭᠤᠤ ᠲᠣᠰᠭᠤᠨ火里火沟
ᠤᠨ ᠲᠣᠭᠠᠯᠠᠯ ᠤᠨ1875-1908᠎ ᠤᠨ ᠤ ᠦᠶ ᠡ ᠪᠠᠷ ᠨᠢᠭᠡᠨ ᠵᠢᠵᠢᠭ᠌ ᠭᠣᠷᠤᠬ ᠠ ᠤᠨ ᠭᠦᠪᠡᠭᠡ ᠳᠡᠭᠡᠷ ᠡ ᠲᠣᠰᠭᠤᠨ ᠪᠠᠢᠭᠤᠯᠵᠤ ᠡᠢᠮᠦ ᠭᠠᠵᠠᠷ ᠤᠨ ᠨᠡᠷ ᠡ ᠠᠪᠴᠠᠢ ᠃ ᠡᠨᠡ ᠲᠣᠰᠭᠤᠨ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠬᠣᠢᠨ ᠠ3᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠡᠭᠡᠷ ᠡ ᠪᠠᠢᠨ ᠠ ᠃ ᠡᠨᠲᠡᠭᠢ ᠬᠢᠲᠠᠳ ᠤᠳ ᠭᠠᠵᠠᠷ ᠤᠨ ᠨᠡᠷ ᠡ ᠪᠠᠨ ᠮᠣᠩᠭᠤᠯ ᠢᠶᠠᠷ ᠬᠡᠯᠡᠵᠦ ᠴᠢᠳᠠᠬᠤ ᠦᠭᠡᠢ ᠹᠦᠸᠸ ᠯᠢ ᠹᠦᠸᠸ ᠭᠧᠦ ᠭᠡᠵᠦ ᠬᠡᠯᠡᠵᠦ ᠪᠠᠢᠨ ᠠ ᠃
ᠳᠣᠣᠷ ᠠ ᠬᠠᠪᠴᠢᠯ ᠲᠣᠰᠭᠤᠨ下蛤巴气
ᠤᠨ ᠲᠣᠭᠠᠯᠠᠯ ᠤᠨ1736-1795᠎ ᠤᠨ ᠤ ᠣᠷᠴᠢᠮ ᠢᠶᠠᠷ ᠡᠨᠳᠡ ᠨᠢᠭᠡᠨ ᠠᠭᠤᠯᠠᠨ ᠬᠠᠪᠴᠢᠯ ᠳᠤ ᠠᠢᠯ ᠢᠷᠡᠵᠦ ᠰᠠᠭᠤᠭᠠᠨ ᠡᠢᠮᠦ ᠭᠠᠵᠠᠷ ᠤᠨ ᠨᠡᠷ ᠡ ᠠᠪᠴᠠᠢ ᠃ ᠡᠨᠳᠡ ᠮᠣᠩᠭᠤᠯ ᠬᠢᠲᠠᠳ ᠠᠢᠯ ᠪᠦᠷ ᠪᠠᠢᠨ ᠠ ᠃ᠡᠨᠡ ᠲᠣᠰᠭᠤᠨ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 11.5᠎ ᠺᠢᠯᠣᠮᠧᠲ᠋ᠷ ᠬᠤᠯᠠ ᠪᠠᠢᠨ ᠠ ᠃
ᠳᠡᠭᠡᠷ ᠡ ᠬᠣᠷᠢᠶ ᠠ ᠲᠣᠰᠭᠤᠨ上府
ᠤᠨ ᠲᠣᠭᠠᠯᠠᠯ ᠤᠨ1736-1795᠎ ᠤᠨ ᠤ ᠣᠷᠴᠢᠮ ᠢᠶᠠᠷ ᠣᠩᠨᠢᠭᠤᠳ ᠵᠡᠭᠦᠨ ᠭᠠᠷᠤᠨ ᠬᠣᠰᠢᠭᠤᠨ ᠤ ᠪᠠᠷᠠᠭᠤᠨ ᠲᠤᠰᠠᠯᠠᠭᠴᠢ ᠶᠢᠨ ᠳᠡᠭᠡᠷ ᠡ ᠬᠣᠷᠢᠶ ᠠ ᠶᠢ ᠡᠨᠳᠡ ᠪᠠᠢᠭᠤᠯᠵᠤ ᠭᠠᠵᠠᠷ ᠤᠨ ᠨᠡᠷ ᠡ ᠪᠠᠨ << ᠳᠡᠭᠡᠷ ᠡ ᠬᠣᠷᠢᠶ ᠠ ᠲᠣᠰᠭᠤᠨ >>‍᠎ ᠭᠡᠪᠡ ᠃ ᠡᠨᠳᠡ ᠮᠣᠩᠭᠤᠯ ᠠᠢᠯ ᠤᠯᠠᠨ ᠪᠠᠢᠨ ᠠ ᠃ ᠡᠨᠡ ᠲᠣᠰᠭᠤᠨ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ7᠎ ᠺᠢᠯᠣᠮᠧᠲ᠋ᠷ ᠬᠤᠯᠠ ᠪᠠᠢᠨ ᠠ ᠃
ᠬᠠᠭᠤᠴᠢᠨ ᠬᠣᠷᠢᠶ ᠠ 老府
ᠤᠨ ᠲᠣᠭᠠᠯᠠᠯ ᠤᠨ1662-1722᠎ ᠤᠨ ᠤ ᠦᠶ ᠡ ᠪᠠᠷᠤᠩᠨᠢᠭᠤᠳ ᠵᠡᠭᠦᠨ ᠭᠠᠷᠤᠨ ᠬᠣᠰᠢᠭᠤᠨ ᠤ ᠪᠠᠷᠠᠭᠤᠨ ᠲᠤᠰᠠᠯᠠᠭᠴᠢ ᠳᠣᠷᠵᠢ ᠡᠨᠳᠡ ᠲᠤᠰᠠᠯᠠᠭᠴᠢ ᠶᠢᠨ ᠬᠣᠷᠢᠶ ᠠ ᠪᠠᠨ ᠪᠠᠢᠭᠤᠯᠵᠠᠢ ᠃ ᠮᠣᠩᠭᠤᠯ ᠂ ᠬᠢᠲᠠᠳ ᠂ ᠮᠠᠨᠵᠤ ᠭᠤᠷᠪᠠᠨ ᠦᠨᠳᠦᠰᠦᠲᠡᠨ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠰᠢ 6.5᠎ ᠺᠢᠯᠣᠮᠧᠲ᠋ᠷ ᠬᠤᠯᠠ ᠪᠠᠢᠨ ᠠ ᠃
ᠪᠠᠭ ᠠ ᠬᠣᠷᠢᠶ ᠠ小府
ᠣᠨ ᠲᠣᠭᠠᠯᠠᠯ ᠤᠨ1662-1722᠎ ᠣᠨ ᠤ ᠦᠶ ᠡ ᠳᠦ ᠣᠩᠨᠢᠭᠤᠳ ᠵᠡᠭᠦᠨ ᠭᠠᠷᠤᠨ ᠬᠣᠰᠢᠭᠤᠨ ᠤ ᠪᠠᠷᠠᠭᠤᠨ ᠲᠤᠰᠠᠯᠠᠭᠴᠢ ᠳᠣᠷᠵᠢ ᠶᠢᠨ ᠬᠥᠪᠡᠭᠦᠨ ᠨᠢ ᠡᠨᠳᠡ ᠠᠢᠯ ᠪᠠᠢᠭᠤᠯᠵᠠᠢ ᠃ ᠮᠣᠩᠭᠤᠯ ᠂ ᠬᠢᠲᠠᠳ ᠠᠢᠯ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠭ ᠠ ᠭᠠᠵᠠᠷ ᠡᠴᠡ ᠵᠡᠭᠦᠨᠳᠠᠢ 6᠎ ᠺᠢᠯᠣᠮᠧᠲ᠋ᠷ ᠬᠤᠯᠠ ᠪᠠᠢᠨ ᠠ ᠃
ᠭᠤᠷᠪᠠ ᠳᠣᠯᠤᠭ ᠠ ᠶᠢᠨ ᠬᠤᠪᠢᠶᠠᠯᠠᠭ ᠠ ᠶᠢᠨ ᠭᠠᠵᠠᠷ三七地
ᠣᠨ ᠲᠣᠭᠠᠯᠠᠯ ᠤᠨ1875-1908᠎ ᠣᠨ ᠤ ᠦᠶ ᠡ ᠪᠡᠷ ᠴᠢᠩ ᠤᠯᠤᠰ ᠤᠨ ᠵᠠᠰᠠᠭ ᠤᠨ ᠭᠠᠵᠠᠷ ᠡᠴᠡ《 ᠭᠠᠵᠠᠷ ᠵᠢᠭᠡᠯᠡᠵᠦ ᠠᠷᠠᠳ ᠢ ᠲᠡᠵᠢᠭᠡᠬᠦ》‍᠎ ᠲᠥᠷᠦ ᠶᠢᠨ ᠪᠣᠳᠤᠯᠭ ᠠ ᠶᠢ ᠠᠪᠴᠤ ᠂ ᠱᠠᠨᠳᠦᠩ ᠂ ᠾᠧᠨᠠᠨ ᠵᠡᠷᠭᠡ ᠭᠠᠵᠠᠷ ᠡᠴᠡ ᠭᠠᠮᠰᠢᠭᠳᠠᠭᠰᠠᠨ ᠬᠢᠲᠠᠳ ᠢᠷᠭᠡᠳ ᠢ ᠠᠪᠴᠢᠷᠠᠵᠤ ᠡᠨᠡ ᠭᠠᠵᠠᠷ ᠰᠠᠭᠤᠯᠭᠠᠵᠠᠢ ᠃ ᠲᠡᠭᠡᠭᠡᠳ ᠨᠤᠲᠤᠭ ᠤᠨ ᠮᠣᠩᠭᠤᠯᠴᠤᠳ ᠨᠢ ᠭᠠᠵᠠᠷ ᠨᠤᠲᠤᠭ ᠢᠶᠠᠨ ᠬᠢᠲᠠᠳ ᠬᠥᠮᠦᠨ ᠳᠦ ᠭᠤᠷᠪᠠ ᠬᠠᠷᠢᠴᠠᠬᠤ ᠳᠣᠯᠤᠭ ᠠ ᠪᠤᠶᠤ ᠬᠣᠶᠠᠷ ᠬᠠᠷᠢᠴᠠᠬᠤ ᠨᠠᠢ᠍ᠮᠠ ᠵᠡᠷᠭᠡ ᠬᠠᠷᠢᠴᠠᠯ ᠢᠶᠠᠷ ᠭᠠᠵᠠᠷ ᠤᠨ ᠲᠦᠷᠢᠶᠡᠰᠦ ᠠᠪᠴᠤ ᠪᠠᠢᠪᠠ ᠃ ᠢᠩᠭᠢᠭᠡᠳ ᠡᠢᠮᠦ ᠭᠠᠵᠠᠷ ᠤᠨ ᠨᠡᠷ ᠡ ᠭᠠᠷᠪᠠ ᠃ ᠡᠨᠡ ᠠᠢᠯ ᠳᠤ ᠣᠳᠤ ᠪᠠᠰᠠ ᠮᠣᠩᠭᠤᠯ ᠬᠢᠲᠠᠳ ᠡᠷᠦᠬᠡ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨᠡᠬᠢ 8᠎ ᠺᠢᠯᠣᠮᠧᠲ᠋ᠷ ᠠᠯᠤᠰ ᠳᠡᠬᠢ ᠠᠭᠤᠯᠠᠨ ᠬᠣᠷᠮᠤᠢ ᠳᠤ ᠪᠠᠢᠨ ᠠ ᠃
ᠬᠣᠶᠠᠷ ᠨᠠᠢ᠍ᠮᠠ ᠶᠢᠨ ᠬᠤᠪᠢᠶᠠᠯᠠᠭ ᠠ ᠶᠢᠨ ᠭᠠᠵᠠᠷ二八地
ᠣᠨ ᠲᠣᠭᠠᠯᠠᠯ ᠤᠨ1875-1908᠎ ᠣᠨ ᠤ ᠦᠶ ᠡ ᠳᠦ ᠨᠡᠭᠦᠵᠦ ᠢᠷᠡᠭᠰᠡᠨ ᠬᠢᠲᠠᠳ ᠠᠷᠠᠳ ᠲᠤ ᠳᠦᠷᠢᠶᠡᠰᠦᠯᠡᠭᠦᠯᠵᠦ ᠥᠭᠭᠦᠭᠰᠡᠨ ᠲᠠᠷᠢᠶᠠᠨ ᠤ ᠬᠤᠪᠢᠶᠠᠯᠠᠭ ᠠ ᠶᠢᠨ ᠭᠠᠵᠠᠷ ᠪᠣᠯᠤᠨ ᠠ ᠃ ᠡᠨᠡ ᠭᠠᠵᠠᠷ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠡᠮᠦᠨ ᠡ ᠵᠦᠭ ᠲᠦ 8᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠤ ᠪᠠᠢᠨ ᠠ ᠃
ᠳᠡᠭᠡᠷ ᠡ ᠲᠠᠯᠠᠪᠠᠢ上场
ᠣᠨ ᠲᠣᠭᠠᠯᠠᠯ ᠤᠨ1875-1908᠎ ᠣᠨ ᠤ ᠦᠶ ᠡ ᠳᠦ ᠡᠨᠡ ᠭᠠᠵᠠᠷ ᠨᠢ ᠰᠠᠨ ᠢ ᠶᠦᠩ ( 三义永 ) ᠠᠷᠢᠬᠢ ᠨᠡᠷᠡᠬᠦ ᠦᠢᠯᠡᠳᠪᠦᠷᠢ ᠶᠢᠨ ᠮᠠᠯ ᠤᠨ ᠲᠠᠯᠠᠪᠠᠢ ᠪᠠᠢᠪᠠ ᠃ ᠡᠨᠡ ᠲᠠᠯᠠᠪᠠᠢ ᠨᠢ ᠳᠡᠭᠡᠷ ᠡ ᠬᠣᠷᠢᠶ ᠠ ᠶᠢᠨ ᠳᠡᠭᠡᠷ ᠡ ᠲᠠᠯ ᠠ ᠳᠤ ᠪᠠᠢᠭᠰᠠᠨ ᠪᠣᠯᠬᠣᠷ《 ᠳᠡᠭᠡᠷ ᠡ ᠲᠠᠯᠠᠪᠠᠢ 》ᠭᠡᠰᠡᠨ ᠨᠡᠷ ᠡ ᠥᠭᠴᠡᠢ ᠃ ᠡᠨᠳᠡ ᠮᠣᠩᠭᠤᠯ ᠬᠢᠲᠠᠳ ᠡᠷᠦᠬᠡ ᠬᠣᠯᠢᠯᠳᠤᠨ ᠰᠠᠭᠤᠷᠢᠰᠢᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 10.5᠎ ᠺᠢᠯᠣᠮᠧᠲ᠋ᠷ ᠵᠠᠢᠲᠠᠢ ᠪᠠᠢᠳᠠᠭ ᠃ ᠥᠨᠥ ᠱᠠᠩ ᠴᠠᠩ ᠤᠨ ᠠᠢᠯ ᠭᠡᠵᠦ ᠬᠢᠲᠠᠳ ᠢᠶᠠᠷ ᠬᠡᠯᠡᠵᠦ ᠪᠠᠢᠨ ᠠ ᠃
ᠡᠯᠵᠢᠭᠡᠨ ᠭᠤᠤ二吉沟
ᠣᠨ ᠲᠣᠭᠠᠯᠠᠯ ᠤᠨ1821-1850᠎ ᠣᠨ ᠤ ᠦᠶ ᠡ ᠳᠦ ᠡᠨᠳᠡᠦᠷᠭᠦᠯᠵᠢ ᠬᠡᠭᠡᠷ ᠡ ᠶᠢᠨ ᠡᠯᠵᠢᠭᠡ ᠢᠯᠡᠷᠡᠳᠡᠭ ᠭᠡᠨ ᠡ ᠃ ᠢᠩᠭᠢᠭᠡᠳ ᠡᠨᠳᠡᠬᠢ ᠬᠥᠮᠦᠰ ᠡᠨᠡ ᠠᠭᠤᠯᠠᠨ ᠭᠤᠤ ᠳᠤ ᠡᠯᠵᠢᠭᠡᠨ ᠭᠤᠤ ᠭᠡᠵᠦ ᠨᠡᠷ ᠡ ᠥᠭᠴᠡᠢ ᠃ ᠬᠢᠲᠠᠳ ᠬᠥᠮᠦᠨ ᠮᠣᠩᠭᠤᠯ ᠢᠶᠠᠷ ᠬᠡᠯᠡᠵᠦ ᠴᠢᠳᠠᠬᠤ ᠦᠭᠡᠢ ᠡᠯ ᠵᠢᠢ ᠬᠠᠤ ᠪᠣᠯᠭᠠᠴᠢᠬᠠᠵᠠᠢ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ 3᠎ ᠺᠢᠯᠣᠮᠧᠲ᠋ᠷ ᠵᠠᠢᠲᠠᠢ ᠪᠠᠢᠳᠠᠭ ᠃
ᠡᠯᠵᠢᠭᠡᠨ ᠭᠤᠤ ᠶᠢᠨ ᠠᠮᠠ二吉沟门
ᠣᠨ ᠲᠣᠭᠠᠯᠠᠯ ᠤᠨ1821-1850᠎ ᠣᠨ ᠤ ᠦᠶ ᠡ ᠳᠤ ᠡᠯᠵᠢᠭᠡᠨ ᠭᠤᠤ ᠶᠢᠨ ᠳᠣᠣᠷ ᠠ ᠠᠮᠠᠰᠠᠷ ᠲᠤ ᠠᠢᠯ ᠰᠠᠭᠤᠷᠢᠰᠢᠵᠤ《 ᠡᠯᠵᠢᠭᠡᠨ ᠭᠤᠤ ᠶᠢᠨ ᠠᠮᠠ 》ᠭᠡᠰᠡᠨ ᠨᠡᠷ ᠡ ᠥᠭᠴᠡᠢ ᠃ ᠮᠣᠩᠭᠤᠯ ᠬᠢᠲᠠᠳ ᠬᠣᠯᠢᠯᠳᠤᠨ ᠰᠠᠭᠤᠭᠰᠠᠨ ᠠᠢᠯ ᠪᠣᠯᠤᠨ ᠠ ᠃ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠳᠠᠢ 8᠎ ᠺᠢᠯᠣᠮᠧᠲ᠋ᠷ ᠵᠠᠢᠲᠠᠢ ᠪᠠᠢᠨ ᠠ ᠃
ᠴᠠᠷᠠᠰᠦᠳᠦ ᠭᠤᠤ ᠶᠢᠨ ᠠᠮᠠ岔苏沟门
ᠣᠨ ᠲᠣᠭᠠᠯᠠᠯ ᠤᠨ1662-1722᠎ ᠣᠨ ᠤ ᠦᠶ ᠡ ᠪᠡᠷ ᠴᠠᠷᠠᠰᠦ ᠮᠣᠳᠤ ᠣᠷᠭᠤᠵᠤ ᠪᠠᠢᠬᠤ ᠭᠤᠤ ᠶᠢᠨ ᠠᠮᠠ ᠳᠡᠭᠡᠷ ᠡ ᠠᠢᠯ ᠢᠷᠡᠵᠦ ᠰᠠᠭᠤᠷᠢᠰᠢᠵᠠᠢ ᠃ ᠮᠣᠩᠭᠤᠯ ᠂ ᠬᠢᠲᠠᠳ ᠠᠢᠯ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠳᠠᠢ 9᠎ ᠺᠢᠯᠣᠮᠧᠲ᠋ᠷ ᠵᠠᠢᠲᠠᠢ ᠪᠠᠢᠨ ᠠ ᠃
ᠡᠦ ᠣᠪᠤᠭᠲᠤ ᠶᠢᠨ ᠠᠢᠯ吴家营子
ᠣᠨ ᠲᠣᠭᠠᠯᠠᠯ ᠤᠨ1662-1722᠎ ᠣᠨ ᠤ ᠦᠶ ᠡ ᠳᠦ ᠡᠦ ᠣᠪᠤᠭ ᠲᠠᠢ ᠬᠥᠮᠦᠨ ᠡᠨᠳᠡ ᠢᠷᠡᠵᠦ ᠨᠤᠲᠤᠭᠰᠢᠵᠠᠢ ᠃ ᠡᠨᠡ ᠠᠢᠯ ᠳᠤ ᠮᠣᠩᠭᠤᠯ ᠬᠢᠲᠠᠳ ᠬᠥᠮᠦᠨ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠳᠠᠢ 2.5᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠤ ᠪᠠᠢᠨ ᠠ ᠃
ᠳᠤᠮᠳᠠ ᠡᠯᠵᠢᠭᠡᠨ ᠭᠤᠤ中二吉沟
ᠣᠨ ᠲᠣᠭᠠᠯᠠᠯ ᠤᠨ1821-1850᠎ ᠣᠨ ᠤ ᠦᠶ ᠡ ᠳᠦ ᠳᠡᠭᠡᠷ ᠡ ᠳᠣᠣᠷ ᠠ ᠬᠣᠶᠠᠷ ᠡᠯᠵᠢᠭᠡᠨ ᠭᠤᠤ ᠶᠢᠨ ᠠᠢᠯ ᠤᠨ ᠳᠤᠮᠳᠠ ᠠᠢᠯ ᠢᠷᠡᠵᠦ ᠰᠠᠭᠤᠷᠢᠭᠰᠠᠨ ᠢᠶᠠᠷ ᠡᠢᠮᠦ ᠭᠠᠵᠠᠷ ᠤᠨ ᠨᠡᠷ ᠡ ᠶᠢ ᠠᠪᠴᠠᠢ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 4᠎ ᠺᠢᠯᠣᠮᠧᠲ᠋ᠷ ᠬᠤᠯᠠ ᠪᠠᠢᠭ ᠠ ᠠᠭᠤᠯᠠᠨ ᠬᠣᠷᠮᠤᠢ ᠳᠤ ᠪᠠᠢᠳᠠᠭ ᠃
ᠴᠠᠷᠠᠰᠤᠲᠦ ᠳᠠᠪᠠᠭ ᠠ岔苏梁
ᠣᠨ ᠲᠣᠭᠠᠯᠠᠯ ᠤᠨ1662-1722᠎ ᠣᠨ ᠤ ᠦᠶ ᠡ ᠳᠦ ᠴᠠᠷᠠᠰᠤᠨ ᠮᠣᠳᠤ ᠲᠠᠢ ᠳᠠᠪᠠᠭ ᠠ ᠳᠡᠭᠡᠷ ᠡ ᠠᠢᠯ ᠢᠷᠡᠵᠦ ᠰᠠᠭᠤᠷᠢᠰᠢᠪᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠰᠢ 11᠎ ᠺᠢᠯᠣᠮᠧᠲ᠋ᠷ ᠵᠠᠢᠲᠠᠢ ᠪᠠᠢᠨ ᠠ ᠃ ᠬᠢᠲᠠᠳ ᠤᠳ ᠴᠠᠷᠠᠰᠤᠲᠦ ᠳᠠᠪᠠᠭ ᠠ ᠭᠡᠳᠡᠭ ᠮᠣᠩᠭᠤᠯ ᠦᠭᠡ ᠶᠢ ᠬᠡᠯᠡᠵᠦ ᠴᠢᠳᠠᠬᠤ ᠦᠭᠡᠢ岔苏梁 ᠪᠣᠯᠭᠠᠵᠠᠢ ᠃
ᠡᠯᠵᠢᠭᠡᠨ ᠭᠤᠤ ᠶᠢᠨ ᠪᠤᠯᠠᠭ水泉
ᠣᠨ ᠲᠣᠭᠠᠯᠠᠯ ᠤᠨ1736-1795᠎ ᠣᠨ ᠤ ᠦᠶ ᠡ ᠳᠦ ᠡᠯᠵᠢᠭᠡᠨ ᠭᠤᠤ ᠶᠢᠨ ᠳᠣᠲᠤᠷᠠᠬᠢ ᠪᠤᠯᠠᠭ ᠤᠨ ᠳᠡᠷᠭᠡᠳᠡ ᠠᠢᠯ ᠢᠷᠡᠵᠦ ᠰᠠᠭᠤᠷᠢᠰᠢᠵᠠᠢ ᠃ ᠰᠠᠶᠢ ᠳᠡᠭᠡᠷ ᠡ ᠪᠡᠨ ᠪᠦᠬᠦᠯᠢ ᠨᠡᠷ ᠡ ᠪᠡᠷ ᠨᠢ ᠳᠠᠭᠤᠳᠠᠵᠤ ᠪᠠᠢᠭᠰᠠᠨ ᠢᠶᠠᠨ ᠰᠡᠭᠦᠯ ᠳᠤᠨᠢ ᠳᠥᠬᠦᠮᠴᠢᠯᠡᠨ《 ᠪᠤᠯᠠᠭ 》ᠭᠡᠵᠦ ᠂ ᠣᠳᠤ ᠬᠢᠲᠠᠳ ᠢᠶᠠᠷ《 ᠰᠢᠦᠢ ᠴᠢᠤᠸᠠᠨ 》ᠭᠡᠬᠦ ᠪᠣᠯᠪᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠰᠢ 6.5᠎ ᠺᠢᠯᠣᠮᠧᠲ᠋ᠷ ᠵᠠᠢᠲᠠᠢ ᠪᠠᠢᠨ ᠠ ᠃
ᠡᠯᠵᠢᠭᠡᠨ ᠭᠤᠤ ᠶᠢᠨ ᠶᠡᠬᠡ ᠬᠣᠷᠢᠶ ᠠ二吉沟大院
ᠣᠨ ᠲᠣᠭᠠᠯᠠᠯ ᠤᠨ1821-1850᠎ ᠣᠨ ᠤ ᠦᠶ ᠡ ᠳᠦ ᠯᠠᠮᠠ ᠨᠠᠷ ᠤᠨ ᠰᠠᠭᠤᠵᠤ ᠪᠠᠢᠭᠰᠠᠨ ᠶᠡᠬᠡ ᠬᠣᠷᠢᠶ ᠠ ᠪᠠᠢᠪᠠ ᠃ ᠡᠨᠡ ᠠᠢᠯ ᠳᠤ ᠮᠣᠩᠭᠤᠯ ᠬᠢᠲᠠᠳ ᠠᠢᠯ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠰᠢ 5᠎ ᠺᠢᠯᠣᠮᠧᠲ᠋ᠷ ᠵᠠᠢᠲᠠᠢ ᠪᠠᠢᠬᠤ ᠠᠭᠤᠯᠠᠨ ᠬᠣᠷᠮᠤᠢ ᠳᠤ ᠪᠠᠢᠨ ᠠ ᠃
ᠪᠠᠷᠠᠭᠤᠨ ᠲᠠᠯᠠᠪᠠᠢ西场
ᠣᠨ ᠲᠣᠭᠠᠯᠠᠯ ᠤᠨ1851-1861᠎ ᠣᠨ ᠤ ᠦᠶ ᠡ ᠳᠦ ᠰᠠᠢᠬᠠᠨ ᠬᠥᠨᠳᠡᠢ ᠶᠢᠨ ᠪᠠᠷᠠᠭᠤᠨ ᠲᠠᠢ ᠮᠠᠯ ᠬᠠᠷᠢᠭᠤᠯᠬᠤ ᠲᠠᠯᠠᠪᠠᠢ ᠳᠤ ᠠᠢᠯ ᠡᠷᠦᠬᠡ ᠢᠷᠡᠵᠦ ᠰᠠᠭᠤᠷᠢᠰᠢᠭᠠᠳ ᠡᠢᠮᠦ ᠨᠡᠷ ᠡ ᠶᠢ ᠠᠪᠴᠠᠢ ᠃ ᠡᠨᠳᠡ ᠮᠣᠩᠭᠤᠯ ᠬᠢᠲᠠᠳ ᠡᠷᠦᠬᠡ ᠬᠣᠯᠢᠯᠳᠤᠨ ᠰᠠᠭᠤᠵᠤ ᠪᠠᠢᠪᠠ ᠃ ᠡᠨᠡ ᠠᠢᠯ ᠨᠢ ᠤᠤᠯ ᠤᠨᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 9᠎ ᠺᠢᠯᠣᠮᠧᠲ᠋ᠷ ᠵᠠᠢᠲᠠᠢ ᠪᠠᠢᠨ ᠠ ᠃
ᠬᠠᠭᠤᠷᠠᠢ ᠪᠤᠯᠠᠭ旱泡子
1969᠎ ᠣᠨ ᠤ ᠦᠶ ᠡ ᠳᠦ ᠨᠢᠭᠡᠨ ᠪᠤᠯᠠᠭ ᠤᠨ ᠳᠡᠷᠭᠡᠳᠡ ᠠᠢᠯ ᠢᠷᠡᠵᠦ ᠰᠠᠭᠤᠷᠢᠰᠢᠪᠠ ᠃ ᠬᠣᠵᠢᠮ ᠨᠢ ᠡᠨᠡ ᠪᠤᠯᠠᠭ ᠨᠢ ᠰᠢᠷᠭᠢᠵᠦ ᠬᠠᠲᠠᠭᠰᠠᠨ ᠲᠤᠯᠠ《 ᠬᠠᠭᠤᠷᠠᠢ ᠪᠤᠯᠠᠭ 》‍᠎ ᠭᠡᠵᠦ ᠨᠡᠷᠡᠢᠳᠦᠨ ᠂ ᠬᠢᠲᠠᠳ ᠢᠶᠠᠷ ᠬᠠᠨ ᠫᠤᠤ ᠽᠢ ᠭᠡᠵᠦ ᠳᠠᠭᠤᠳᠠᠬᠤ ᠪᠣᠯᠪᠠ ᠃ ᠮᠣᠩᠭᠤᠯ ᠬᠢᠲᠠᠳ ᠬᠥᠮᠦᠨ ᠬᠣᠯᠢᠯᠳᠤᠨ ᠰᠠᠭᠤᠵᠤ ᠪᠠᠢᠪᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 7᠎ ᠺᠢᠯᠣᠮᠧᠲ᠋ᠷ ᠵᠠᠢᠲᠠᠢ ᠪᠠᠢᠬᠤ ᠲᠠᠯ ᠠ ᠳᠡᠭᠡᠷ ᠡ ᠪᠠᠢᠳᠠᠭ ᠃
ᠢᠩᠳᠠᠢ ᠭᠤᠤ樱桃沟
ᠣᠨ ᠲᠣᠭᠠᠯᠠᠯ ᠤᠨ1875-1908᠎ ᠣᠨ ᠤ ᠦᠶ ᠡ ᠪᠡᠷ ᠠᠭᠤᠯᠠᠨ ᠭᠤᠤ ᠶᠢᠨ ᠢᠩ ᠦᠨ ᠴᠢᠯᠠᠭᠤ ᠶᠢᠨ ᠳᠡᠷᠭᠡᠳᠡ ᠮᠣᠩᠭᠤᠯ ᠠᠢᠯ ᠢᠷᠡᠵᠦ ᠰᠠᠭᠤᠵᠠᠢ ᠃ ᠥᠨᠥ ᠨᠢᠭᠡᠨᠲᠡ ᠬᠢᠲᠠᠳ ᠠᠢᠯ ᠪᠣᠯᠪᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠰᠢ 12.5᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠤ ᠪᠠᠢᠨ ᠠ ᠃ ᠡᠨᠳᠡᠬᠢ ᠬᠥᠮᠦᠰ《 ᠢᠩᠳᠠᠢ ᠭᠤᠤ 》‍᠎ ᠭᠡᠬᠦ ᠨᠡᠷ ᠡ ᠶᠢ ᠬᠤᠪᠢᠷᠠᠭᠤᠯᠵᠤ ᠬᠢᠲᠠᠳ ᠢᠶᠠᠷ樱桃沟《 ᠢᠩᠲᠣᠣᠷ ᠭᠤᠤ 》‍᠎ ᠭᠡᠵᠦ ᠳᠠᠭᠤᠳᠠᠵᠤ ᠪᠠᠢᠨ ᠠ ᠃
ᠣᠪᠤᠭᠠᠨ ᠡᠩᠭᠡᠷ敖包前
ᠣᠨ ᠲᠣᠭᠠᠯᠠᠯ ᠤᠨ1919᠎ ᠣᠨ ᠳᠤ ᠤᠪᠤᠭ ᠠ ᠶᠢᠨ ᠡᠩᠭᠡᠷ ᠲᠦ ᠠᠢᠯ ᠢᠷᠡᠵᠦ ᠰᠠᠭᠤᠭᠠᠳ《 ᠣᠪᠤᠭᠠᠨ ᠡᠩᠭᠡᠷ 》ᠭᠡᠰᠡᠨ ᠨᠡᠷ ᠡ ᠠᠪᠤᠭᠰᠠᠨ ᠪᠣᠯᠪᠠᠴᠤ ᠡᠨᠳᠡᠬᠢ ᠬᠢᠲᠠᠳ ᠤᠨ敖包前《 ᠣᠣ ᠪᠤᠤ ᠴᠢᠶᠠᠨ 》‍᠎ ᠭᠡᠵᠦ ᠬᠢᠲᠠᠳ ᠢᠶᠠᠷ ᠳᠠᠭᠤᠳᠠᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠰᠢ 10.5᠎ ᠺᠢᠯᠣᠮᠧᠲ᠋ᠷ ᠬᠤᠯᠠ ᠪᠠᠢᠨ ᠠ ᠃
ᠡᠦ ᠣᠪᠤᠭᠲᠤ ᠶᠢᠨ ᠠᠢᠯ吴家营子
ᠣᠨ ᠲᠣᠭᠠᠯᠠᠯ ᠤᠨ1662-1722᠎ ᠣᠨ ᠤ ᠦᠶ ᠡ ᠳᠦ ᠡᠨᠳᠡ ᠡᠦ ᠣᠪᠤᠭ ᠲᠠᠢ ( ᠮᠣᠩᠭᠤᠯ ᠠᠢᠯ ᠮᠠᠭᠠᠳ ) ᠬᠥᠮᠦᠨ ᠢᠷᠡᠵᠦ ᠨᠤᠲᠤᠭᠰᠢᠵᠠᠢ ᠃ ᠡᠨᠳᠡ ᠮᠣᠩᠭᠤᠯ ᠬᠢᠲᠠᠳ ᠠᠢᠯ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 11.7᠎ ᠺᠢᠯᠣᠮᠧᠲ᠋ᠷ ᠵᠠᠢᠲᠠᠢ ᠪᠠᠢᠨ ᠠ ᠃
ᠪᠢᠯᠡᠭᠦᠦ ᠴᠢᠯᠠᠭᠤ ᠲᠠᠢ ᠭᠤᠤ磨石沟
ᠣᠨ ᠲᠣᠭᠠᠯᠠᠯ ᠤᠨ1662-1722᠎ ᠣᠨ ᠤ ᠦᠶ ᠡ ᠪᠡᠷ ᠨᠢᠭᠡ ᠪᠦᠯᠦᠭ ᠮᠣᠩᠭᠤᠯ ᠠᠢᠯ ᠪᠢᠯᠡᠭᠦᠦ ᠴᠢᠯᠠᠭᠤ ᠭᠠᠷᠳᠠᠭ ᠠᠭᠤᠯᠠᠨ ᠭᠤᠤ ᠳᠦ ᠢᠷᠡᠵᠦ ᠨᠤᠲᠤᠭᠯᠠᠵᠠᠢ ᠃ ᠢᠩᠭᠢᠭᠡᠳ《 ᠪᠢᠯᠡᠭᠦᠦ ᠲᠠᠢ ᠭᠤᠤ 》ᠭᠡᠬᠦ ᠨᠡᠷ ᠡ ᠶᠢ ᠠᠪᠴᠠᠢ ᠃ ᠥᠨᠥ ᠡᠨᠳᠡ ᠮᠣᠩᠭᠤᠯ ᠬᠢᠲᠠᠳ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠵᠡᠭᠦᠨᠳᠠᠢ 7᠎ ᠺᠢᠯᠣᠮᠧᠲ᠋ᠷ ᠬᠤᠯᠠ ᠪᠠᠢᠨ ᠠ ᠃ ᠬᠢᠲᠠᠳ ᠢᠶᠠᠷ ᠮᠦᠸᠸ ᠱᠢ ᠭᠧᠦ ᠭᠡᠵᠦ ᠶᠠᠪᠤᠵᠤ ᠪᠠᠢᠨ ᠠ ᠃
ᠪᠢᠯᠡᠭᠦᠦ ᠴᠢᠯᠠᠭᠤ ᠲᠠᠢ ᠭᠤᠤ ᠶᠢᠨ ᠠᠮᠠ磨石石沟门
ᠣᠨ ᠲᠣᠭᠠᠯᠠᠯ ᠤᠨ1723-1735᠎ ᠣᠨ ᠤ ᠦᠶ ᠡ ᠳᠦ ᠨᠢᠭᠡ ᠪᠦᠯᠦᠭ ᠬᠥᠮᠦᠰ ᠪᠢᠯᠡᠭᠦᠦ ᠴᠢᠯᠠᠭᠤ ᠭᠠᠷᠳᠠᠭ ᠠᠭᠤᠯᠠᠨ ᠭᠤᠤ ᠶᠢᠨ ᠠᠮᠠᠨ ᠳᠤ ᠢᠷᠡᠵᠦ ᠨᠤᠲᠤᠭᠰᠢᠭᠠᠳ ᠡᠢᠮᠦ ᠨᠡᠷ ᠡ ᠪᠡᠷ ᠠᠢᠯ ᠢᠶᠠᠨ ᠨᠡᠷᠡᠯᠡᠵᠠᠢ ᠃ ᠡᠨᠳᠡ ᠪᠠᠰᠠ ᠮᠣᠩᠭᠤᠯ ᠠᠢᠯ ᠰᠠᠭᠤᠵᠤ ᠥᠩᠭᠡᠷᠡᠪᠡ ᠃ ᠥᠨᠥ ᠬᠢᠲᠠᠳ ᠠᠢᠯ ᠳᠦᠭᠦᠷᠴᠦ ᠂ ᠭᠠᠵᠠᠷ ᠤᠨ ᠨᠡᠷ ᠡ ᠪᠡᠨ ᠬᠢᠲᠠᠳ ᠢᠶᠠᠷ ᠬᠡᠯᠡᠵᠦ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠵᠡᠭᠦᠨ ᠡᠮᠦᠨ ᠡ 8.9᠎ ᠺᠢᠯᠣᠮᠧᠲ᠋ᠷ ᠵᠠᠢᠲᠠᠢ ᠪᠠᠢᠨ ᠠ ᠃
ᠳᠣᠯᠤᠨᠣ ᠶᠢᠨ ᠭᠤᠤ山里红沟
ᠳᠣᠯᠤᠨᠣ ( ᠳᠣᠯᠤᠭᠤᠨ ᠠ ) ᠶᠢᠨ ᠮᠣᠳᠤ ᠲᠠᠢ ᠭᠤᠤ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ6᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠳᠤ ᠨᠢ1.5᠎ ᠺᠢᠯᠣᠮᠧᠲ᠋ᠷ ᠂ ᠥᠷᠭᠡᠨ ᠨᠢ25᠎ ᠺᠢᠯᠣᠮᠧᠲ᠋ᠷ ᠪᠠᠢᠨ ᠠ ᠃
ᠳᠣᠣᠷ ᠠ ᠬᠣᠲᠤᠭᠤᠷ下洼子
ᠣᠨ ᠲᠣᠭᠠᠯᠠᠯ ᠤᠨ1662-1722᠎ ᠣᠨ ᠤ ᠦᠶ ᠡ ᠪᠡᠷ ᠨᠢᠭᠡ ᠪᠦᠯᠦᠭ ᠮᠣᠩᠭᠤᠯᠴᠤᠳ ᠳᠣᠣᠷ ᠠ ᠬᠣᠷᠢᠶ ᠠ ᠶᠢᠨ ᠠᠢᠯ ᠤᠨ ᠳᠣᠣᠷ ᠠ ᠲᠠᠯ ᠠ ᠶᠢᠨ ᠬᠣᠲᠤᠭᠤᠷ ᠭᠠᠵᠠᠷ ᠲᠤ ᠢᠷᠡᠵᠦ ᠨᠤᠲᠤᠭᠰᠢᠭᠠᠳ ᠳᠣᠣᠷ ᠠ ᠬᠣᠲᠤᠭᠤᠷ ᠤᠨ ᠠᠢᠯ ᠭᠡᠵᠦ ᠭᠠᠵᠠᠷ ᠤᠨ ᠨᠡᠷ ᠡ ᠪᠡᠨ ᠠᠪᠴᠠᠢ ᠃ ᠡᠨᠳᠡ ᠣᠳᠤ ᠪᠠᠰᠠ ᠮᠣᠩᠭᠤᠯ ᠬᠢᠲᠠᠳ ᠬᠣᠯᠢᠯᠳᠤᠨ ᠰᠠᠭᠤᠷᠢᠰᠢᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠵᠡᠭᠦᠨ ᠡᠮᠦᠨ ᠡ 9.5᠎ ᠺᠢᠯᠣᠮᠧᠲ᠋ᠷ ᠬᠤᠯᠠ ᠪᠠᠢᠨ ᠠ ᠃
ᠲᠡᠩᠨᠡᠭᠦᠷ ᠭᠣᠣᠯ ᠳᠠᠬᠢ ᠮᠠᠯᠵᠢᠯ ᠤᠨ ᠲᠠᠯᠠᠪᠠᠢ灯笼河牧场
ᠣᠨ ᠲᠣᠭᠠᠯᠠᠯ ᠤᠨ1955᠎ ᠣᠨ ᠡᠴᠡ ᠡᠬᠢᠯᠡᠵᠦ ᠲᠡᠩᠨᠡᠭᠦᠷ ᠦᠨ ᠭᠣᠣᠯ ᠤᠨ ᠬᠥᠪᠡᠭᠡᠨ ᠳᠡᠭᠡᠷ ᠡ ᠮᠠᠯᠵᠢᠯ ᠤᠨ ᠲᠠᠯᠠᠪᠠᠢ ᠪᠠᠢᠭᠤᠯᠵᠠᠢ ᠃1971᠎ ᠣᠨ ᠡᠴᠡ ᠡᠬᠢᠯᠡᠵᠦ ᠠᠳᠤᠭᠤ ᠲᠡᠵᠢᠭᠡᠬᠦ ᠪᠡᠷ ᠭᠣᠣᠯ ᠪᠣᠯᠭᠠᠵᠤ ᠪᠠᠢᠭᠰᠠᠨ ᠢᠶᠠᠨ1985᠎ ᠣᠨ ᠡᠴᠡ ᠡᠬᠢᠯᠡᠨ ᠪᠤᠰᠤᠳ ᠲᠥᠷᠦᠯ ᠦᠨ ᠮᠠᠯ ᠢ ᠲᠡᠵᠢᠭᠡᠬᠦ ᠪᠣᠯᠵᠤ ᠂ ᠮᠠᠯᠵᠢᠯ ᠤᠨ ᠲᠠᠯᠠᠪᠠᠢ ᠪᠠᠨ ᠳ᠋ᠠ ᠱᠢ ᠮᠧᠨ ᠲᠣᠰᠭᠤᠨ (大石门村 ᠂ ᠲᠣᠮᠤ ᠴᠢᠯᠠᠭᠤᠨ ᠬᠠᠭᠠᠯᠭ ᠠ ᠲᠣᠰᠭᠤᠨ ) ᠲᠦ ᠰᠢᠯᠵᠢᠭᠦᠯᠵᠡᠢ ᠃ ᠮᠣᠩᠭᠤᠯ ᠬᠢᠲᠠᠳ ᠦᠨᠳᠦᠰᠦᠲᠡᠨ ᠬᠣᠯᠢᠯᠳᠤᠨ ᠰᠠᠭᠤᠭᠰᠠᠨ ᠤᠯᠤᠰ ᠤᠨ ᠮᠠᠯᠵᠢᠯ ᠤᠨ ᠲᠠᠯᠠᠪᠠᠢ ᠪᠣᠯᠤᠨ ᠠ ᠃ ᠮᠠᠯᠵᠢᠯ ᠤᠨ ᠲᠠᠯᠠᠪᠠᠢ ᠶᠢᠨ ᠠᠯᠪᠠᠨ ᠪᠠᠢᠭᠤᠯᠤᠯᠭ ᠠ ᠶᠢᠨ ᠰᠠᠭᠤᠭ ᠠ ᠭᠠᠵᠠᠷ ᠳ᠋ᠠ ᠱᠢ ᠮᠧᠨ ᠲᠣᠰᠭᠤᠨ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨᠡᠬᠢ 28ᠺᠢᠯᠣᠮᠧᠲ᠋ᠷ ᠠᠯᠤᠰ ᠳᠠᠬᠢ ᠠᠭᠤᠯᠠᠨ ᠬᠣᠷᠮᠤᠢ ᠳᠤ ᠪᠠᠢᠨ ᠠ ᠃
ᠲᠡᠩᠨᠡᠭᠦᠷ ᠦᠨ ᠭᠣᠣᠯ ᠤᠨ ᠲᠣᠰᠭᠤᠨ灯笼河
ᠣᠨ ᠲᠣᠭᠠᠯᠠᠯ ᠤᠨ1925᠎ ᠣᠨ ᠳᠤ ᠨᠠᠮᠤᠭ ᠭᠠᠵᠠᠷ ᠲᠠᠢ ᠵᠢᠵᠢᠭ᠌ ᠭᠣᠣᠯ ᠤᠨ ᠬᠠᠵᠠᠭᠤ ᠳᠤ ᠲᠣᠰᠭᠤᠨ ᠪᠠᠢᠭᠤᠯᠵᠤ ᠲᠡᠩᠨᠡᠭᠦᠷ ᠦᠨ ᠭᠣᠣᠯ ᠲᠣᠰᠭᠤᠨ ᠭᠡᠵᠦ ᠨᠡᠷ ᠡ ᠥᠭᠴᠡᠢ ᠃ ᠵᠠᠷᠢᠮ ᠬᠥᠮᠦᠨ ᠦ ᠡᠨᠡ ᠭᠠᠵᠠᠷ ᠲᠤ ᠪᠢᠲᠡᠭᠦᠨ ᠦ ᠰᠥᠨᠢ ᠲᠡᠭᠷᠢ ᠲᠤ ᠳ᠋ᠸᠩᠯᠦ ᠲᠡᠭᠳᠡᠳᠡᠭ ᠡᠴᠡ ᠪᠣᠯᠤᠭᠠᠳ ᠡᠢᠮᠦ ᠨᠡᠷ ᠡ ᠲᠠᠢ ᠪᠣᠯᠤᠯ ᠠ ᠭᠡᠬᠦ ᠮᠡᠲᠦ ᠪᠡᠷ ᠦᠯᠢᠭᠡᠷ ᠵᠤᠭᠢᠶᠠᠵᠦ ᠬᠡᠯᠡᠳᠡᠭ ᠨᠢ ᠪᠦᠷ ᠪᠤᠷᠤᠭᠤ ᠶᠤᠮ ᠃ ᠲᠡᠩᠨᠡᠭᠦᠷ ᠦᠨ ᠭᠣᠣᠯ ᠪᠣᠯ ᠨᠠᠮᠤᠭ ᠰᠢᠪᠠᠷ ᠲᠠᠢ ᠲᠡᠩᠨᠡᠭᠦᠯ ᠭᠠᠵᠠᠷ ᠢᠶᠠᠷ ᠪᠦᠷᠢᠯᠳᠦᠭᠰᠡᠨ ᠲᠠᠯ ᠠ ᠭᠠᠵᠠᠷ ᠡᠴᠡ ᠵᠢᠵᠢᠭ᠌ ᠭᠣᠷᠤᠬ ᠠ ᠤᠷᠤᠰᠤᠨ ᠭᠠᠷᠴᠤ ᠪᠠᠢᠭ ᠠ ᠭᠣᠣᠯ ᠤᠨ ᠡᠬᠢ ᠪᠣᠯᠤᠨ ᠠ ᠃ ᠡᠨᠡ ᠲᠣᠰᠭᠤᠨ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨ ᠡ 21᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠤ ᠪᠠᠢᠳᠠᠭ ᠃
ᠳᠡᠭᠡᠷ ᠡ ᠲᠠᠯᠠᠪᠠᠢ上场
ᠣᠨ ᠲᠣᠭᠠᠯᠠᠯ ᠤᠨ1927᠎ ᠣᠨ ᠳᠤ ᠡᠨᠳᠡᠬᠢ ᠮᠠᠯ ᠤᠨ ᠪᠡᠯᠴᠢᠭᠡᠷ ᠳᠡᠭᠡᠷ ᠡ ᠲᠣᠰᠭᠤᠨ ᠪᠠᠢᠭᠤᠯᠵᠤ 《ᠳᠡᠭᠡᠷ ᠡ ᠲᠠᠯᠠᠪᠠᠢ》‍᠎ (上场 ) ᠭᠡᠬᠦ ᠨᠡᠷ ᠡ ᠥᠭᠴᠡᠢ ᠃ ᠡᠨᠡ ᠲᠣᠰᠭᠤᠨ ᠳᠦ ᠮᠣᠩᠭᠤᠯ ᠂ ᠮᠠᠨᠵᠤ ᠂ ᠬᠢᠲᠠᠳ ᠠᠢᠯ ᠬᠣᠯᠢᠯᠳᠤᠨ ᠰᠠᠭᠤᠵᠤ ᠪᠠᠢᠨ ᠠ ᠃ ᠡᠨᠡ ᠠᠢᠯ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨᠡᠬᠢ16.5᠎ ᠺᠢᠯᠣᠮᠧᠲ᠋ᠷ ᠬᠤᠯᠠ ᠪᠠᠢᠭ ᠠ ᠠᠭᠤᠯᠠᠨ ᠬᠣᠷᠮᠤᠢ ᠳᠤ ᠪᠠᠢᠳᠠᠭ ᠃
ᠳᠡᠭᠡᠷ ᠡ ᠬᠠᠪᠴᠢᠯ ᠤᠨ ᠲᠣᠰᠭᠤᠨ上哈巴气
ᠣᠨ ᠲᠣᠭᠠᠯᠠᠯ ᠤᠨ1736-1795᠎ ᠣᠨ ᠤ ᠦᠶ ᠡ ᠳᠦ ᠡᠨᠳᠡ ᠲᠣᠰᠭᠤᠨ ᠪᠠᠢᠭᠤᠯᠵᠤ ᠂ ᠠᠭᠤᠯᠠᠨ ᠬᠠᠪᠴᠢᠯ ᠤᠨ ᠳᠡᠭᠡᠷ ᠡ ᠲᠠᠯ ᠠ ᠳᠤ ᠪᠠᠢᠬᠤ ᠪᠠᠷ ᠨᠢ 《ᠳᠡᠭᠡᠷ ᠡ ᠬᠠᠪᠴᠢᠯ》‍᠎ ᠭᠡᠰᠡᠨ ᠨᠡᠷ ᠡ ᠥᠭᠴᠡᠢ ᠃ ᠮᠣᠩᠭᠤᠯ ᠂ ᠬᠢᠲᠠᠳ ᠂ ᠮᠠᠨᠵᠤ ᠭᠤᠷᠪᠠᠨ ᠦᠨᠳᠦᠰᠦᠲᠡᠨ ᠦ ᠬᠥᠮᠦᠨ ᠪᠦᠷ ᠰᠠᠭᠤᠵᠤ ᠥᠩᠭᠡᠷᠡᠪᠡ ᠃ ᠡᠨᠡ ᠲᠣᠰᠭᠤᠨ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨ ᠡ 15᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠤ ᠪᠠᠢᠳᠠᠭ ᠃
ᠶᠡᠬᠡ ᠠᠭᠠᠷᠤ大那格娄
ᠣᠨ ᠲᠣᠭᠠᠯᠠᠯ ᠤᠨ1924᠎ ᠣᠨ ᠳᠤ ᠲᠣᠰᠭᠤᠨ ᠪᠠᠢᠭᠤᠯᠵᠠᠢ ᠃ ᠡᠨᠳᠡ ᠠᠭᠠᠷᠤ ᠮᠣᠳᠤ (楠木 ) ᠤᠷᠭᠤᠳᠠᠭ ᠲᠤᠯᠠ ᠲᠣᠰᠭᠤᠨ ᠤ ᠨᠡᠷ ᠡ ᠪᠡᠨ ᠶᠡᠬᠡ ᠠᠭᠠᠷᠤ ᠭᠡᠵᠦ ᠨᠡᠷᠡᠯᠡᠵᠠᠢ ᠃ ᠲᠣᠰᠭᠤᠨ ᠳᠤᠨᠢ ᠮᠣᠩᠭᠤᠯ ᠬᠢᠲᠠᠳ ᠡᠷᠦᠬᠡ ᠬᠣᠯᠢᠯᠳᠤᠨ ᠰᠠᠭᠤᠳᠠᠭ ᠃ ᠡᠨᠡ ᠲᠣᠰᠭᠤᠨ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨ ᠡ 14᠎ ᠺᠢᠯᠣᠮᠧᠲ᠋ᠷ ᠵᠠᠢᠲᠠᠢ ᠪᠠᠢᠭ ᠠ ᠠᠭᠤᠯᠠᠨ ᠬᠣᠷᠮᠤᠢ ᠳᠤ ᠪᠠᠢᠨ ᠠ ᠃
ᠪᠠᠭ ᠠ ᠠᠭᠠᠷᠤ小那个娄
ᠣᠨ ᠲᠣᠭᠠᠯᠠᠯ ᠤᠨ1924᠎ ᠣᠨ ᠳᠤ ᠶᠡᠬᠡ ᠠᠭᠠᠷᠤ ᠮᠣᠳᠤᠨ ᠠᠢᠯ ᠤᠨ ᠳᠣᠣᠷ ᠠ ᠲᠠᠯ ᠠ ᠳᠤ ᠠᠢᠯ ᠲᠣᠰᠭᠤᠨ ᠪᠠᠢᠭᠤᠯᠵᠤ 《ᠪᠠᠭ ᠠ ᠠᠭᠠᠷᠤ》‍᠎ ᠭᠡᠵᠦ ᠨᠡᠷ ᠡ ᠥᠭᠴᠡᠢ ᠃ ᠡᠨᠡ ᠲᠣᠰᠭᠤᠨ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨ ᠡ 12.5᠎ ᠺᠢᠯᠣᠮᠧᠲ᠋ᠷ ᠬᠤᠯᠠ ᠪᠠᠢᠭ ᠠ ᠠᠭᠤᠯᠠᠨ ᠬᠣᠷᠮᠤᠢ ᠳᠤ ᠪᠠᠢᠨ ᠠ ᠃
ᠪᠡᠷᠬᠡ玻力科
ᠣᠨ ᠲᠣᠭᠠᠯᠠᠯ ᠤᠨ1955᠎ ᠣᠨ ᠳᠤ ᠪᠡᠷᠬᠡ ᠶᠢᠨ ᠬᠥᠨᠳᠡᠢ ᠶᠢᠨ ᠳᠡᠭᠡᠷ ᠡ ᠡᠬᠢᠨ ᠳᠦ ᠲᠣᠰᠭᠤᠨ ᠪᠠᠢᠭᠤᠯᠵᠠᠢ ᠃ ᠮᠣᠩᠭᠤᠯ ᠬᠢᠲᠠᠳ ᠦᠨᠳᠦᠰᠦᠲᠡᠨ ᠬᠣᠯᠢᠯᠳᠤᠨ ᠰᠠᠭᠤᠵᠤ ᠪᠠᠢᠨ ᠠ ᠃ ᠭᠠᠵᠠᠷ ᠤᠨ ᠪᠠᠢᠴᠠ ᠨᠢ ᠪᠡᠷᠬᠡ ᠪᠠᠷᠳᠠᠭ ᠠ ᠲᠠᠢ ᠪᠣᠯᠬᠣᠷ《ᠪᠡᠷᠬᠡ》ᠭᠡᠰᠡᠨ ᠨᠡᠷ ᠡ ᠦᠭᠭᠦᠪᠡ ᠃ ᠡᠨᠡ ᠲᠣᠰᠭᠤᠨ ᠨᠢ ᠤᠤᠯ ᠤᠨ ᠶᠠᠩ ᠱᠣ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠤᠨ ᠪᠠᠷᠠᠭᠤᠨ ᠡᠮᠦᠨ ᠡ 12.5᠎ ᠺᠢᠯᠣᠮᠧᠲ᠋ᠷ ᠵᠠᠢᠲᠠᠢ ᠠᠭᠤᠯᠠᠨ ᠬᠣᠷᠮᠤᠢ ᠳᠤ ᠪᠠᠢᠳᠠᠭ ᠃
ᠭᠤᠷᠪᠠᠨ ᠰᠠᠯᠠᠭ ᠠ ᠠᠭᠤᠯᠠ三叉裆山
ᠡᠨᠡ ᠠᠭᠤᠯᠠ ᠨᠢ ᠭᠤᠷᠪᠠᠨ ᠣᠷᠭᠢᠯ ᠂ ᠭᠤᠷᠪᠠᠨ ᠠᠭᠤᠯᠠᠨ ᠭᠤᠤ ᠲᠠᠢ ᠪᠣᠯᠬᠣᠷ ᠭᠤᠷᠪᠠᠨ ᠰᠠᠯᠠᠭ ᠠ ᠠᠭᠤᠯᠠ ᠭᠡᠵᠦ ᠬᠢᠲᠠᠳ ᠢᠶᠠᠷ《 ᠰᠠᠨ ᠴᠠ ᠳ᠋ᠠᠩ ᠱᠠᠨ 》ᠭᠡᠵᠦ ᠳᠠᠭᠤᠳᠠᠵᠤ ᠪᠠᠢᠨ ᠠ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 26.5᠎ ᠺᠢᠯᠣᠮᠧᠲ᠋ᠷ ᠬᠤᠯᠠ ᠪᠠᠢᠳᠠᠭ ᠃ ᠳᠠᠯᠠᠢ ᠶᠢᠨ ᠲᠦᠪᠰᠢᠨ ᠡᠴᠡ ᠳᠡᠭᠡᠭᠰᠢ 2020᠎ ᠮᠧᠲ᠋ᠷ ᠡᠷᠭᠦᠭᠳᠡᠵᠦ ᠂ ᠣᠩᠨᠢᠭᠤᠳ ᠬᠣᠰᠢᠭᠤᠨ ᠤ ᠬᠠᠮᠤᠭ ᠥᠨᠳᠦᠷ ᠠᠭᠤᠯᠠ ᠪᠥᠭᠡᠳ ᠬᠣᠰᠢᠭᠤᠨ ᠤ ᠬᠠᠮᠤᠭ ᠪᠠᠷᠠᠭᠤᠨ ᠵᠠᠬ ᠠ ᠶᠢᠨ ᠠᠭᠤᠯᠠ ᠪᠣᠯᠪᠠ ᠃ ᠴᠦᠨᠳᠦᠪ ᠦᠨ ᠭᠣᠣᠯ ( ᠱᠣᠷᠤᠩ ᠤᠨ ᠭᠣᠣᠯ ) ᠨᠢ ᠡᠨᠳᠡ ᠡᠴᠡ ᠡᠬᠢ ᠠᠪᠴᠤ ᠪᠠᠢᠳᠠᠭ ᠃
ᠴᠠᠷᠠᠰᠤᠨ ᠮᠤᠲᠦ ᠲᠠᠢ ᠬᠥᠨᠳᠡᠯᠡᠨ ᠳᠠᠪᠠᠭ ᠠ茶树台子大梁头
ᠡᠨᠡ ᠠᠭᠤᠯᠠᠨ ᠳᠤ ᠴᠠᠷᠠᠰᠤᠨ ᠮᠤᠲᠦ ᠤᠷᠭᠤᠳᠠᠭ ᠪᠥᠭᠡᠳ ᠤᠷᠤᠢ ᠳᠡᠭᠡᠷ ᠡ ᠨᠢ ᠲᠡᠭᠰᠢᠬᠡᠨ ᠲᠠᠯᠠᠪᠠᠢ ᠲᠠᠢ ᠳᠠᠪᠠᠭ ᠠ ᠭᠠᠵᠠᠷ ᠪᠣᠯᠬᠣᠷ ᠬᠢᠲᠠᠳ ᠤᠳ ᠪᠠᠰᠠ ᠴᠠ ᠱᠤ ᠲᠠᠢ ᠽᠢ ᠳ᠋ᠠ ᠯᠢᠶᠠᠩ ᠲᠸᠦ (茶树台子大梁头 ) ᠭᠡᠵᠦ ᠬᠡᠯᠡᠳᠡᠭ ᠃ ᠴᠠ ᠱᠤ ᠭᠡᠵᠦ ᠴᠠᠷᠠᠰᠦ ( 柞树) ᠶᠢ ᠬᠡᠯᠡᠵᠦ ᠪᠠᠢᠨ ᠠ ᠃ ᠡᠨᠡ ᠠᠭᠤᠯᠠ ᠨᠢ ᠪᠠᠰᠠ ᠬᠥᠨᠳᠡᠯᠡᠨ ᠠᠭᠤᠯᠠ ( 横立山) ᠭᠡᠬᠦ ᠨᠡᠷ ᠡ ᠲᠠᠢ ᠪᠠᠢᠪᠠ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 24.5᠎ ᠺᠢᠯᠣᠮᠧᠲ᠋ᠷ ᠬᠤᠯᠠ ᠪᠠᠢᠵᠤ ᠂ ᠳᠠᠯᠠᠢ ᠶᠢᠨ ᠲᠦᠪᠰᠢᠨ ᠡᠴᠡ1861᠎ ᠮᠧᠲ᠋ᠷ ᠳᠡᠭᠡᠭᠰᠢ ᠡᠷᠭᠦᠭᠳᠡᠵᠦ ᠪᠠᠢᠳᠠᠭ ᠃
ᠬᠣᠩᠭᠤᠷ ᠤᠪᠤᠭ ᠠ洪格尔敖包
ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 21.5ᠺᠢᠯᠣᠮᠧᠲ᠋ᠷ ᠠᠯᠤᠰ ᠲᠤ ᠵᠡᠭᠦᠨᠰᠢ ᠪᠠᠷᠠᠭᠤᠨᠰᠢ ᠬᠠᠨᠳᠤᠭᠰᠠᠨ ᠠᠭᠤᠯᠠᠨ ᠣᠷᠭᠢᠯ ᠳᠡᠭᠡᠷ ᠡ ᠠᠷᠪᠠᠨ ᠭᠤᠷᠪᠠᠨ ᠤᠪᠤᠭ ᠠ ᠴᠢᠯᠠᠭᠤ ᠪᠠᠢᠳᠠᠭ ᠃ ᠮᠣᠩᠭᠤᠯᠴᠤᠳ ᠡᠭᠦᠨ ᠢ ᠦᠵᠡᠮᠡᠭᠴᠡ ᠠᠷᠪᠠᠨ ᠭᠤᠷᠪᠠᠨ ᠤᠪᠤᠭ ᠠ ᠶᠢᠨ ᠰᠠᠭᠤᠷᠢ ᠭᠡᠵᠦ ᠦᠵᠡᠵᠦ ᠭᠠᠷᠳᠠᠭ ᠃ ᠭᠡᠲᠡᠯ ᠡ《 ᠣᠩᠨᠢᠭᠤᠳ ᠬᠣᠰᠢᠭᠤᠨ ᠤ ᠭᠠᠵᠠᠷ ᠤᠨ ᠨᠡᠷᠡᠰ ᠦᠨ ᠲᠡᠮᠳᠡᠭᠯᠡᠯ 》ᠭᠡᠬᠦ ᠨᠣᠮ ᠤᠨ444᠎ ᠳ᠋ᠤᠭᠡᠷ ᠨᠢᠭᠤᠷ ᠲᠤ ᠡᠭᠦᠨ ᠢ《 ᠲᠠᠩ ᠤᠯᠤᠰ ᠤᠨ ᠶᠡᠬᠡ ᠵᠠᠩᠵᠤᠨ ᠯᠢ ᠺᠧ ᠶᠦᠩ ( 李克用) ᠤᠨ ᠠᠷᠪᠠᠨ ᠭᠤᠷᠪᠠᠨ ᠬᠦᠦ ᠶᠢᠨ ᠬᠡᠭᠦᠷ ᠮᠥᠨ 》ᠭᠡᠵᠦ ᠳᠤᠷᠠᠢᠲᠠᠯ ᠠ ᠲᠡᠮᠳᠡᠭᠯᠡᠵᠡᠢ ᠃ ᠲᠠᠩ ᠤᠯᠤᠰ ᠪᠣᠯ ᠬᠢᠳᠠᠳᠰᠢᠭᠰᠠᠨ ᠰᠢᠶᠠᠨᠪᠢ ( ᠮᠣᠩᠭᠤᠯ ᠤᠨ ᠰᠠᠯᠪᠤᠷᠢ ) ᠬᠥᠮᠦᠨ ᠦ ᠪᠠᠢᠭᠤᠯᠤᠭᠰᠠᠨ ᠤᠯᠤᠰ ᠮᠥᠨ ᠃ ᠲᠠᠩ ᠤᠯᠤᠰ ᠤᠨ ᠴᠡᠷᠢᠭ ᠨᠢ ᠯᠢᠶᠣᠣ ᠤᠯᠤᠰ ᠲᠠᠢ ᠲᠤᠯᠤᠯᠳᠤᠭᠠᠨ ᠬᠢᠵᠦ ᠠᠷᠤ ᠭᠠᠵᠠᠷ ᠢᠷᠡᠵᠦ ᠪᠠᠢᠭᠰᠠᠨ ᠶᠤᠮ ᠃ ᠭᠡᠪᠡᠴᠦ ᠬᠡᠭᠦᠷ ᠣᠩᠭᠤᠨ ᠢᠶᠠᠨ ᠠᠭᠤᠯᠠᠨ ᠣᠷᠭᠢᠯ ᠳᠡᠭᠡᠷ ᠡ ᠰᠠᠯᠬᠢᠨ ᠤ ᠡᠬᠢᠨ ᠳᠦ ᠲᠠᠯᠪᠢᠬᠤ ᠵᠠᠩᠰᠢᠯ ᠦᠭᠡᠢ ᠶᠤᠮ ᠃ ᠲᠡᠦᠬᠡᠨ ᠳᠡᠭᠡᠷ ᠡ ᠡᠨᠡ ᠭᠠᠵᠠᠷ ᠪᠣᠯ ᠳ᠋ᠦᠩᠭᠡᠦ ᠂ ᠰᠢᠶᠠᠨᠪᠢ ᠂ ᠬᠢᠳᠠᠨ ᠂ ᠮᠣᠩᠭᠤᠯ ᠵᠡᠷᠭᠡ ᠪᠥᠬᠡ ᠶᠢᠨ ᠱᠠᠰᠢᠨ ᠢ ᠰᠢᠲᠦᠳᠡᠭ ᠦᠨᠳᠦᠰᠦᠲᠡᠨ ᠨᠦᠭᠦᠳ ᠦᠨ ᠰᠠᠭᠤᠵᠤ ᠪᠠᠢᠭᠰᠠᠨ ᠭᠠᠵᠠᠷ ᠶᠤᠮ ᠃ ᠡᠨᠡ ᠭᠠᠵᠠᠷ ᠨᠢ1662᠎ ᠣᠨ ᠤ ᠰᠡᠭᠦᠯᠴᠢ ᠪᠡᠷ ᠣᠩᠨᠢᠭᠤᠳ ᠵᠡᠭᠦᠨ ᠭᠠᠷᠤᠨ ᠬᠣᠰᠢᠭᠤᠨ ᠤ ᠪᠠᠷᠠᠭᠤᠨ ᠲᠤᠰᠠᠯᠠᠭᠴᠢ ᠶᠢᠨ ᠬᠠᠷᠢᠶᠠᠨ ᠤ ᠭᠠᠵᠠᠷ ᠪᠠᠢᠭᠰᠠᠨ ᠶᠤᠮ ᠃ ᠠᠷᠪᠠᠨ ᠭᠤᠷᠪᠠᠨ ᠤᠪᠤᠭ ᠠ ᠪᠣᠯ ᠮᠣᠩᠭᠤᠯᠴᠤᠳ ᠤᠨ ᠲᠠᠬᠢᠳᠠᠭ ᠭᠣᠣᠯ ᠤᠪᠤᠭ ᠠ ᠶᠢᠨ ᠨᠢᠭᠡᠨ ᠶᠤᠮ ᠃ ᠣᠩᠨᠢᠭᠤᠳ ᠬᠣᠰᠢᠭᠤᠨ ᠤ ᠲᠠᠬᠢᠯᠭ ᠠ ᠲᠠᠢ ᠶᠡᠬᠡ ᠤᠪᠤᠭ ᠠ ᠶᠢᠨ ᠣᠯᠠᠩᠬᠢ ᠨᠢ ᠠᠷᠪᠠᠨ ᠭᠤᠷᠪᠠᠨ ᠤᠪᠤᠭ ᠠ ᠶᠤᠮ ᠃ ᠡᠨᠡ ᠤᠪᠤᠭ ᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 21.5᠎ ᠺᠢᠯᠣᠮᠧᠲ᠋ᠷ ᠬᠤᠯᠠ ᠪᠠᠢᠨ ᠠ ᠃ ᠠᠭᠤᠯᠠ ᠶᠢᠨ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ1703᠎ ᠮᠧᠲ᠋ᠷ ᠡᠷᠭᠦᠭᠳᠡᠵᠦ ᠪᠠᠢᠳᠠᠭ ᠃1927᠎ ᠣᠨ ᠤ ᠦᠶ ᠡ ᠶᠢᠨ ᠣᠩᠨᠢᠭᠤᠳ ᠬᠣᠰᠢᠭᠤᠨ ᠤ ᠭᠠᠵᠠᠷ ᠤᠨ ᠵᠢᠷᠤᠭ ᠳᠡᠭᠡᠷ ᠡ ᠬᠣᠩᠭᠤᠷ ᠤᠪᠤᠭ ᠠ ᠭᠡᠵᠦ ᠲᠡᠮᠳᠡᠭᠯᠡᠵᠦ ᠪᠠᠢᠨ ᠠ ᠃
ᠴᠢᠯᠠᠭᠤᠲᠤ ᠳᠠᠪᠠᠭ ᠠ石头梁
ᠠᠭᠤᠯᠠᠨ ᠬᠣᠷᠮᠤᠢ ᠳᠤ ᠴᠢᠯᠠᠭᠤ ᠠᠷᠪᠢᠨ ᠪᠠᠢᠳᠠᠭ ᠪᠣᠯᠬᠣᠷ ᠴᠢᠯᠠᠭᠤᠲᠤ ᠳᠠᠪᠠᠭ ᠠ ᠭᠡᠵᠦ ᠨᠡᠷ ᠡ ᠥᠭᠴᠦ ᠥᠨᠥ ᠬᠢᠲᠠᠳ ᠬᠥᠮᠦᠨ ᠱᠢ ᠲᠸᠦ ᠯᠢᠶᠠᠩ ᠭᠡᠵᠦ ᠳᠠᠭᠤᠳᠠᠵᠤ ᠪᠠᠢᠨ ᠠ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 18᠎ ᠺᠢᠯᠣᠮᠧᠲ᠋ᠷ ᠬᠤᠯᠠ ᠪᠠᠢᠨ ᠠ ᠃ ᠳᠠᠯᠠᠢ ᠶᠢᠨ ᠲᠦᠪᠰᠢᠨ ᠡᠴᠡ1749.5᠎ ᠮᠧᠲ᠋ᠷ ᠳᠡᠭᠡᠭᠰᠢ ᠡᠷᠭᠦᠭᠳᠡᠵᠦ ᠪᠠᠢᠳᠠᠭ ᠃
ᠲᠣᠭᠤᠭ ᠠ ᠠᠭᠤᠯᠠ锅顶山
ᠲᠣᠭᠤᠭ ᠠ ᠬᠥᠮᠦᠷᠢᠭᠰᠡᠨ ᠠᠳᠠᠯᠢ ᠠᠭᠤᠯᠠ ᠪᠣᠯᠬᠣᠷ ᠲᠣᠭᠤᠭ ᠠ ᠠᠭᠤᠯᠠ ᠭᠡᠪᠡ ᠃ ᠬᠢᠲᠠᠳ ᠢᠶᠠᠷ ᠭᠦᠸᠧ ᠳ᠋ᠢᠩ ᠱᠠᠨ ᠭᠡᠵᠦ ᠪᠠᠢᠨ ᠠ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨᠰᠢ 12.5᠎ ᠺᠢᠯᠣᠮᠧᠲ᠋ᠷ ᠵᠠᠢᠲᠠᠢ ᠪᠠᠢᠳᠠᠭ ᠃ ᠳᠠᠯᠠᠢ ᠶᠢᠨ ᠲᠦᠪᠰᠢᠨ ᠡᠴᠡ ᠳᠡᠭᠡᠭᠰᠢ1661᠎ ᠮᠧᠲ᠋ᠷ ᠡᠷᠭᠦᠭᠳᠡᠵᠦ ᠪᠠᠢᠨ ᠠ ᠃
ᠭᠠᠷᠤᠳᠢ ᠠᠭᠤᠯᠠ凤凰山
ᠡᠨᠡ ᠠᠭᠤᠯᠠ ᠶᠢᠨ ᠬᠠᠳᠠ ᠨᠢ ᠵᠣᠭᠰᠤᠵᠤ ᠪᠠᠢᠭ ᠠ ᠭᠠᠷᠤᠳᠢ ᠬᠡᠯᠪᠡᠷᠢᠳᠠᠢ ᠪᠠᠢᠳᠠᠭ ᠲᠤᠯᠠ ᠭᠠᠷᠤᠳᠢ ᠠᠭᠤᠯᠠ ᠭᠡᠵᠦ ᠨᠡᠷ ᠡ ᠥᠭᠴᠡᠢ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠤᠢᠲᠠᠢ 8.5᠎ ᠺᠢᠯᠣᠮᠧᠲ᠋ᠷ ᠵᠠᠢᠲᠠᠢ ᠪᠠᠢᠨ ᠠ ᠃ ᠡᠮᠦᠨ ᠡ ᠬᠣᠢᠨ ᠠ ᠵᠦᠭ ᠬᠠᠨᠲᠤᠰᠢ ᠲᠠᠢ ᠂ ᠳᠠᠯᠠᠢ ᠶᠢᠨ ᠲᠦᠪᠰᠢᠨ ᠡᠴᠡ ᠳᠡᠭᠡᠭᠰᠢ1398᠎ ᠮᠧᠲ᠋ᠷ ᠡᠷᠭᠦᠭᠳᠡᠭᠰᠡᠨ ᠠᠭᠤᠯᠠ ᠪᠣᠯᠤᠨ ᠠ ᠃
ᠯᠤᠤ ᠶᠢᠨ ᠲᠣᠯᠤᠭᠠᠢ ᠠᠭᠤᠯᠠ龙头山
ᠠᠭᠤᠯᠠᠨ ᠣᠷᠭᠢᠯ ᠤᠨ ᠬᠠᠳᠠ ᠴᠢᠯᠠᠭᠤ ᠨᠢ ᠯᠤᠤ ᠶᠢᠨ ᠲᠣᠯᠤᠭᠠᠢ ᠠᠳᠠᠯᠢ ᠪᠣᠯᠬᠣᠷ ᠯᠤᠤ ᠶᠢᠨ ᠲᠣᠯᠤᠭᠠᠢ ᠠᠭᠤᠯᠠ ᠭᠡᠵᠦ ᠨᠡᠷ ᠡ ᠥᠭᠴᠡᠢ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 8᠎ ᠺᠢᠯᠣᠮᠧᠲ᠋ᠷ ᠵᠠᠢᠲᠠᠢ ᠪᠠᠢᠨ ᠠ ᠃ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ1181᠎ ᠮᠧᠲ᠋ᠷ ᠡᠷᠭᠦᠭᠳᠡᠵᠦ ᠪᠠᠢᠳᠠᠭ ᠃
ᠶᠡᠬᠡ ᠣᠪᠤᠭᠠᠨ ᠠᠭᠤᠯᠠ大敖包山
ᠠᠭᠤᠯᠠᠨ ᠳᠡᠭᠡᠷ ᠡ ᠨᠢ ᠮᠣᠩᠭᠤᠯᠴᠤᠳ ᠤᠪᠤᠭ ᠠ ᠳᠠᠬᠢᠵᠤ ᠪᠠᠢᠭᠰᠠᠨ ᠤᠷᠤᠮ ᠲᠠᠢ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 6᠎ ᠺᠢᠯᠣᠮᠧᠲ᠋ᠷ ᠬᠤᠯᠠ ᠪᠠᠢᠨ ᠠ ᠃
ᠠᠷᠪᠠᠨ ᠭᠤᠷᠪᠠᠨ ᠤᠪᠤᠭ ᠠ ᠠᠭᠤᠯᠠ十三敖包
ᠠᠭᠤᠯᠠᠨ ᠳᠡᠭᠡᠷ ᠡ ᠨᠢ ᠮᠣᠩᠭᠤᠯᠴᠤᠳ ᠤᠨ ᠳᠠᠬᠢᠵᠤ ᠪᠠᠢᠭᠰᠠᠨ ᠠᠷᠪᠠᠨ ᠭᠤᠷᠪᠠᠨ ᠤᠪᠤᠭ ᠠ ᠶᠢᠨ ᠤᠷᠤᠮ ᠪᠠᠢᠨ ᠠ ᠃ ᠭᠡᠲᠡᠯ ᠡ《 ᠣᠩᠨᠢᠭᠤᠳ ᠬᠣᠰᠢᠭᠤᠨ ᠤ ᠭᠠᠵᠠᠷ ᠤᠨ ᠨᠡᠷᠡᠰ ᠦᠨ ᠲᠡᠮᠳᠡᠭᠯᠡᠯ 》‍᠎ ᠭᠡᠬᠦ ᠨᠣᠮ ᠤᠨ445᠎ ᠳ᠋ᠤᠭᠠᠷ ᠨᠢᠭᠤᠷ ᠲᠤ ᠪᠠᠰᠠ《 ᠲᠠᠩ ᠤᠯᠤᠰ ᠤᠨ ᠶᠡᠬᠡ ᠵᠠᠩᠵᠤᠨ ᠯᠢ ᠺᠧ ᠶᠦᠩ ( 李克用) ᠤᠨ ᠠᠷᠪᠠᠨ ᠭᠤᠷᠪᠠᠨ ᠬᠦᠦ ᠶᠢᠨ ᠬᠡᠭᠦᠷ ᠮᠥᠨ 》‍᠎ ᠭᠡᠵᠦ ᠲᠡᠮᠳᠡᠭᠯᠡᠵᠠᠢ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 8᠎ ᠺᠢᠯᠣᠮᠧᠲ᠋ᠷ ᠵᠠᠢᠲᠠᠢ ᠪᠠᠢᠳᠠᠭ ᠃ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ1560.7᠎ ᠮᠧᠲ᠋ᠷ ᠡᠷᠭᠦᠭᠳᠡᠵᠦ ᠪᠠᠢᠳᠠᠭ ᠃
ᠰᠦᠮ ᠡ ᠶᠢᠨ ᠠᠭᠤᠯᠠ庙子山
ᠠᠭᠤᠯᠠᠨ ᠳᠣᠣᠷ ᠠ ᠨᠢ ᠬᠠᠨ ᠬᠤᠷᠮᠤᠰᠲᠠ ᠶᠢᠨ ᠰᠦᠮ ᠡ ᠪᠠᠢᠭᠰᠠᠨ ᠪᠣᠯᠬᠣᠷ ᠡᠢᠮᠦ ᠨᠡᠷ ᠡ ᠶᠢ ᠥᠭᠭᠦᠭᠰᠡᠨ ᠭᠡᠨ ᠡ ᠃ ᠴᠣᠬᠤᠮ ᠠᠯᠢ ᠦᠶ ᠡ ᠳᠦ ᠬᠡᠨ《 ᠬᠠᠨ ᠬᠤᠷᠮᠤᠰᠲᠠ ᠶᠢᠨ ᠰᠦᠮ ᠡ 》( 玉皇庙) ᠶᠢ ᠪᠠᠢᠭᠤᠯᠤᠭᠰᠠᠨ ᠪᠤᠢ ︖ ᠭᠡᠳᠡᠭ ᠢ ᠰᠤᠳᠤᠯᠵᠤ ᠦᠵᠡᠪᠡᠯ ᠵᠦᠢᠲᠡᠢ ᠃ ᠤᠯᠠᠭᠠᠨᠬᠠᠲᠠ ᠬᠣᠲᠠ ᠳᠤ ᠬᠠᠨ ᠬᠤᠷᠮᠤᠰᠲᠠ ᠶᠢᠨ ᠰᠦᠮ ᠡ ᠨᠡᠯᠢᠶᠡᠳ ᠪᠠᠢᠳᠠᠭ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ 6᠎ ᠺᠢᠯᠣᠮᠧᠲ᠋ᠷ ᠵᠠᠢᠲᠠᠢ ᠪᠠᠢᠨ ᠠ ᠃ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ1534᠎ ᠮᠧᠲ᠋ᠷ ᠡᠷᠭᠦᠭᠳᠡᠵᠦ ᠪᠠᠢᠳᠠᠭ ᠃
ᠲᠡᠮᠡᠭᠡ ᠠᠭᠤᠯᠠ骆驼头山
ᠠᠭᠤᠯᠠᠨ ᠣᠷᠭᠢᠯ ᠨᠢ ᠶᠠᠭ ᠯᠠ ᠲᠡᠮᠡᠭᠡ ᠶᠢᠨ ᠲᠣᠯᠤᠭᠠᠢ ᠠᠳᠠᠯᠢ ᠪᠣᠯᠬᠣᠷ ᠡᠢᠮᠦ ᠨᠡᠷ ᠡ ᠶᠢ ᠥᠭᠴᠡᠢ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ 9᠎ ᠺᠢᠯᠣᠮᠧᠲ᠋ᠷ ᠬᠤᠯᠠ ᠪᠠᠢᠨ ᠠ ᠃ ᠠᠭᠤᠯᠠ ᠶᠢᠨ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ1626᠎ ᠮᠧᠲ᠋ᠷ ᠡᠷᠭᠦᠭᠳᠡᠵᠦ ᠪᠠᠢᠨ ᠠ ᠃
ᠪᠠᠭ ᠠ ᠤᠪᠤᠭ ᠠ ᠠᠭᠤᠯᠠ小敖包山
ᠡᠨᠡ ᠠᠭᠤᠯᠠ ᠨᠢ ᠶᠡᠬᠡ ᠤᠪᠤᠭ ᠠ ᠠᠭᠤᠯᠠ ᠡᠴᠡ ᠪᠠᠨ ᠪᠠᠭ ᠠ ᠪᠣᠯᠬᠣᠷ《 ᠪᠠᠭ ᠠ ᠤᠪᠤᠭ ᠠ ᠠᠭᠤᠯᠠ 》ᠭᠡᠵᠦ ᠨᠡᠷ ᠡ ᠥᠭᠴᠡᠢ ᠃ ᠠᠭᠤᠯᠠᠨ ᠳᠡᠭᠡᠷ ᠡ ᠨᠢ ᠤᠪᠤᠭ ᠠ ᠲᠠᠢ ᠃ ᠡᠨᠡ ᠠᠭᠤᠯᠠ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 5.5᠎ ᠺᠢᠯᠣᠮᠧᠲ᠋ᠷ ᠵᠠᠢᠲᠠᠢ ᠪᠠᠢᠳᠠᠭ ᠃ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ1528᠎ ᠮᠧᠲ᠋ᠷ ᠡᠷᠭᠦᠭᠳᠡᠵᠦ ᠪᠠᠢᠨ ᠠ ᠃
ᠲᠡᠭᠰᠢ ᠭᠤᠤ得石沟
ᠲᠡᠭᠰᠢᠬᠡᠨ ᠭᠤᠤ ᠪᠣᠯᠬᠣᠷ《 ᠲᠡᠭᠰᠢ ᠭᠤᠤ 》‍᠎ ᠭᠡᠰᠡᠨ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ 5᠎ ᠺᠢᠯᠣᠮᠧᠲ᠋ᠷ ᠵᠠᠢᠲᠠᠢ ᠪᠠᠢᠳᠠᠭ ᠃ ᠭᠤᠤ ᠶᠢᠨ ᠤᠷᠲᠤ ᠨᠢ 1.2᠎ ᠺᠢᠯᠣᠮᠧᠲ᠋ᠷ ᠂ ᠥᠷᠭᠡᠨ ᠨᠢ 50᠎ ᠮᠧᠲ᠋ᠷ ᠪᠠᠢᠵᠤ ᠂ ᠡᠮᠦᠨ ᠡ ᠡᠴᠡ ᠬᠣᠢᠰᠢ ᠪᠠᠨ ᠴᠢᠭᠯᠡᠵᠦ ᠪᠠᠢᠳᠠᠭ ᠃
ᠮᠠᠢᠬᠠᠨ ᠲᠠᠢ ᠭᠤᠤ帐房沟
ᠮᠣᠩᠭᠤᠯ ᠮᠠᠯᠴᠢᠳ ᠡᠨᠳᠡᠬᠢ ᠭᠤᠤ ᠶᠢᠨ ᠭᠦᠪᠡᠭᠡ ᠳᠡᠭᠡᠷ ᠡ ᠮᠠᠢᠬᠠᠨ ᠪᠣᠰᠭᠠᠵᠤ ᠮᠠᠯ ᠬᠠᠷᠢᠭᠤᠯᠵᠤ ᠪᠠᠢᠭᠰᠠᠨ ᠪᠣᠯᠬᠣᠷ ᠡᠢᠮᠦ ᠨᠡᠷ ᠡ ᠲᠠᠢ ᠪᠣᠯᠵᠠᠢ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ ᠵᠦᠭ ᠲᠤ7᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠳᠤ ᠨᠢ1.8᠎ ᠺᠢᠯᠣᠮᠧᠲ᠋ᠷ ᠂ ᠥᠷᠭᠡᠨ ᠨᠢ40᠎ ᠮᠧᠲ᠋ᠷ ᠪᠤᠢ ᠃
ᠠᠳᠤᠭᠤᠨ ᠭᠤᠤ马群沟
ᠡᠨᠳᠡ ᠪᠡᠯᠴᠢᠭᠡᠷ ᠰᠠᠢᠲᠠᠢ ᠲᠤᠯᠠ ᠮᠣᠩᠭᠤᠯᠴᠤᠳ ᠠᠳᠤᠭᠤ ᠬᠠᠷᠢᠭᠤᠯᠵᠤ ᠪᠠᠢᠵᠠᠢ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 8.5᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠳᠤ ᠨᠢ1.5᠎ ᠺᠢᠯᠣᠮᠧᠲ᠋ᠷ ᠂ ᠥᠷᠭᠡᠨ ᠨᠢ30᠎ ᠮᠧᠲ᠋ᠷ ᠪᠠᠢᠨ ᠠ ᠃
ᠱᠡᠭᠡᠷ ᠲᠠᠢ ᠭᠤᠤ榛柴沟
ᠱᠡᠭᠡᠷ ᠤᠨ ᠲᠦᠯᠡᠰᠢ ᠠᠷᠪᠢᠨ ᠭᠠᠷᠳᠠᠭ ᠭᠤᠤ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ10᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠳᠤ ᠨᠢ1.5᠎ ᠺᠢᠯᠣᠮᠧᠲ᠋ᠷ ᠂ ᠥᠷᠭᠡᠨ ᠨᠢ50᠎ ᠮᠧᠲ᠋ᠷ ᠪᠠᠢᠨ ᠠ ᠃
ᠪᠤᠷᠭᠠᠰᠤᠲᠤ ᠭᠤᠤ柳条沟
ᠡᠨᠡ ᠭᠤᠤ ᠳᠤ ᠰᠢᠷ ᠠ ᠪᠣᠷᠤ ᠪᠤᠷᠭᠠᠰᠤ ᠰᠠᠢᠨ ᠤᠷᠭᠤᠳᠠᠭ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ8.5᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠳᠤ ᠨᠢ1.5᠎ ᠺᠢᠯᠣᠮᠧᠲ᠋ᠷ ᠂ ᠥᠷᠭᠡᠨ ᠨᠢ25᠎ ᠮᠧᠲ᠋ᠷ ᠪᠠᠢᠨ ᠠ ᠃
ᠦᠬᠡᠷ ᠤᠨ ᠬᠠᠰᠢᠶᠠᠳᠤ ᠭᠤᠤ牛圈子沟
ᠡᠨᠡ ᠭᠤᠤ ᠶᠢᠨ ᠳᠡᠷᠭᠡᠳᠡ ᠳᠡᠭᠡᠷ ᠡ ᠬᠣᠷᠢᠶ ᠠ ᠠᠢᠯ ᠤᠨ ᠦᠬᠡᠷ ᠤᠨ ᠬᠠᠰᠢᠶ ᠠ ᠪᠠᠢᠵᠠᠢ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 7.5᠎ ᠺᠢᠯᠣᠮᠧᠲ᠋ᠷ ᠬᠤᠯᠠ ᠪᠠᠢᠨ ᠠ ᠃ ᠭᠤᠤ ᠶᠢᠨ ᠤᠷᠳᠤ ᠨᠢ2᠎ ᠺᠢᠯᠣᠮᠧᠲ᠋ᠷ ᠂ ᠥᠷᠭᠡᠨ ᠨᠢ35᠎ ᠮᠧᠲ᠋ᠷ ᠪᠠᠢᠨ ᠠ ᠃
ᠰᠢᠬᠠᠭᠤ ᠨᠠᠭᠤᠷ ᠤᠨ ᠭᠤᠤ夏呼诺尔高
ᠭᠤᠤ ᠶᠢᠨ ᠳᠡᠷᠭᠡᠳᠡ ᠨᠢᠭᠡ ᠨᠠᠷᠢᠬᠠᠨ ᠨᠠᠭᠤᠷ ᠪᠠᠢᠳᠠᠭ ᠪᠣᠯᠬᠣᠷ ᠰᠢᠬᠠᠭᠤ ᠨᠠᠭᠤᠷ ᠤᠨ ᠭᠤᠤ ᠭᠡᠵᠦ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 10᠎ ᠺᠢᠯᠣᠮᠧᠲ᠋ᠷ ᠵᠠᠢᠲᠠᠢ ᠪᠠᠢᠳᠠᠭ ᠃ ᠪᠠᠷᠠᠭᠤᠨ ᠬᠣᠢᠨ ᠠ ᠡᠴᠡ ᠵᠡᠭᠦᠨ ᠡᠮᠦᠨ ᠡ ᠵᠦᠭ ᠬᠠᠨᠳᠤᠵᠦ ᠂ ᠭᠤᠤ ᠶᠢᠨ ᠤᠷᠲᠤ ᠨᠢ 3᠎ ᠺᠢᠯᠣᠮᠧᠲ᠋ᠷ ᠂ ᠥᠷᠭᠡᠨ ᠨᠢ 30᠎ ᠮᠧᠲ᠋ᠷ ᠪᠠᠢᠨ ᠠ ᠃
ᠣᠪᠤᠭᠠᠨ ᠭᠤᠤ敖包沟
ᠣᠪᠤᠭᠠᠨ ᠠᠭᠤᠯᠠ ᠶᠢᠨ ᠬᠣᠷᠮᠤᠢ ᠳᠣᠣᠷ ᠠ ᠪᠠᠢᠬᠤ ᠭᠤᠤ ᠪᠣᠯᠬᠣᠷ ᠣᠪᠤᠭᠠᠨ ᠭᠤᠤ ᠭᠡᠵᠦ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 10᠎ ᠺᠢᠯᠣᠮᠧᠲ᠋ᠷ ᠬᠤᠯᠠ ᠪᠠᠢᠭ ᠠ ᠠᠭᠤᠯᠠᠨ ᠬᠣᠷᠮᠤᠢ ᠳᠣᠣᠷ ᠠ ᠪᠠᠢᠳᠠᠭ ᠃ ᠲᠤᠰ ᠭᠤᠤ ᠨᠢ ᠡᠮᠦᠨ ᠡ ᠡᠴᠡ ᠬᠣᠢᠰᠢ ᠪᠠᠨ ᠬᠠᠨᠳᠤᠵᠦ ᠂ ᠭᠤᠤ ᠶᠢᠨ ᠤᠷᠲᠤ ᠨᠢ 1.5᠎ ᠺᠢᠯᠣᠮᠧᠲ᠋ᠷ ᠂ ᠥᠷᠭᠡᠨ ᠨᠢ 30᠎ ᠮᠧᠲ᠋ᠷ ᠪᠠᠢᠨ ᠠ ᠃
ᠴᠠᠷᠠᠰᠤᠲᠦ ᠭᠤᠤ岔苏沟
ᠡᠨᠡ ᠭᠤᠤ ᠳᠤ ᠴᠠᠷᠠᠰᠤᠨ ᠮᠣᠳᠤ ᠣᠷᠭᠤᠵᠤ ᠪᠠᠢᠬᠤ ᠪᠣᠯᠬᠣᠷ《 ᠴᠠᠷᠠᠰᠤᠲᠦ ᠭᠤᠤ》‍᠎ ᠭᠡᠰᠡᠨ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠲᠠᠢ 11᠎ ᠺᠢᠯᠣᠮᠧᠲ᠋ᠷ ᠵᠠᠢᠲᠠᠢ ᠪᠠᠢᠳᠠᠭ ᠃ ᠭᠤᠤ ᠶᠢᠨ ᠴᠢᠭᠯᠡᠯ ᠨᠢ ᠪᠠᠷᠠᠭᠤᠨ ᠬᠣᠢᠨ ᠠ ᠡᠴᠡ ᠵᠡᠭᠦᠨ ᠡᠮᠦᠨ ᠡ ᠵᠦᠭ ᠬᠠᠨᠳᠤᠵᠦ ᠂ ᠤᠷᠲᠤ ᠨᠢ 2᠎ ᠺᠢᠯᠣᠮᠧᠲ᠋ᠷ ᠂ ᠥᠷᠭᠡᠨ ᠨᠢ 25᠎ ᠮᠧᠲ᠋ᠷ ᠪᠠᠢᠨ ᠠ ᠃
ᠴᠠᠭᠠᠨ ᠭᠤᠤ常汗沟
ᠡᠨᠳᠡ ᠡᠯᠡᠰᠦ ᠮᠠᠩᠬ ᠠ ᠴᠤᠭᠯᠠᠷᠠᠵᠤ ᠂ ᠤᠷᠭᠤᠮᠠᠯ ᠤᠷᠭᠤᠬᠤ ᠦᠭᠡᠢ ᠪᠣᠯᠬᠣᠷ 《ᠴᠠᠭᠠᠨ ᠭᠤᠤ 》ᠭᠡᠵᠦ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠤᠢᠲᠠᠢ 4᠎ ᠺᠢᠯᠣᠮᠧᠲ᠋ᠷ ᠵᠠᠢᠲᠠᠢ ᠪᠠᠢᠳᠠᠭ ᠃ ᠡᠮᠦᠨ ᠡ ᠡᠴᠡ ᠬᠣᠢᠰᠢ ᠪᠠᠨ ᠬᠠᠨᠳᠤᠭᠰᠠᠨ ᠭᠤᠤ ᠪᠠᠢᠵᠤ ᠂ ᠤᠷᠲᠤ ᠨᠢ 5᠎ ᠺᠢᠯᠣᠮᠧᠲ᠋ᠷ ᠂ ᠥᠷᠭᠡᠨ ᠨᠢ 200᠎ ᠮᠧᠲ᠋ᠷ ᠪᠠᠢᠨ ᠠ ᠃
ᠰᠦᠮ ᠡ ᠶᠢᠨ ᠭᠤᠤ庙子沟
ᠬᠠᠨ ᠬᠤᠷᠮᠤᠰᠲᠠ ᠶᠢᠨ ᠰᠦᠮ ᠡ ᠶᠢᠨ ᠳᠡᠷᠭᠡᠳᠡ ᠪᠠᠢᠬᠤ ᠭᠤᠤ ᠪᠣᠯᠬᠣᠷ 《ᠰᠦᠮ ᠡ ᠶᠢᠨ ᠭᠤᠤ》‍᠎ ᠭᠡᠵᠦ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 8᠎ ᠺᠢᠯᠣᠮᠧᠲ᠋ᠷ ᠵᠠᠢᠲᠠᠢ ᠪᠠᠢᠳᠠᠭ ᠃ ᠡᠮᠦᠨ ᠡ ᠡᠴᠡ ᠬᠣᠢᠰᠢ ᠪᠠᠨ ᠬᠠᠨᠳᠤᠵᠦ ᠂ ᠤᠷᠲᠤ ᠨᠢ 6᠎ ᠺᠢᠯᠣᠮᠧᠲ᠋ᠷ ᠂ ᠥᠷᠭᠡᠨ ᠨᠢ 200᠎ ᠮᠧᠲ᠋ᠷ ᠂ ᠭᠦᠨ ᠨᠢ150᠎ ᠮᠧᠲ᠋ᠷ ᠪᠠᠢᠨ ᠠ ᠃
ᠨᠠᠷᠠᠰᠤᠲᠦ ᠭᠤᠤ那苏沟
ᠭᠤᠤ ᠶᠢᠨ ᠳᠡᠷᠭᠡᠳᠡ ᠨᠢ ᠨᠠᠷᠠᠰᠤᠨ ᠮᠣᠳᠤ ᠣᠷᠭᠤᠵᠤ ᠪᠠᠢᠬᠤ ᠪᠣᠯᠬᠣᠷ《ᠨᠠᠷᠠᠰᠤᠲᠦ ᠭᠤᠤ》‍᠎ ᠭᠡᠵᠦ ᠨᠡᠷ ᠡ ᠥᠭᠴᠡᠢ ᠃ ᠡᠨᠡ ᠭᠤᠤ ᠨᠢ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠬᠣᠢᠨ ᠠ 1.5᠎ ᠺᠢᠯᠣᠮᠧᠲ᠋ᠷ ᠵᠠᠢᠲᠠᠢ ᠪᠠᠢᠳᠠᠭ ᠃ ᠡᠮᠦᠨ ᠡ ᠡᠴᠡ ᠬᠣᠢᠰᠢ ᠪᠠᠨ ᠬᠠᠨᠳᠤᠭᠰᠠᠨ ᠭᠤᠤ ᠶᠢᠨ ᠤᠷᠲᠤ ᠨᠢ 2᠎ ᠺᠢᠯᠣᠮᠧᠲ᠋ᠷ ᠂ ᠥᠷᠭᠡᠨ ᠨᠢ 50᠎ ᠮᠧᠲ᠋ᠷ ᠂ ᠭᠦᠨ ᠨᠢ100᠎ ᠮᠧᠲ᠋ᠷ ᠪᠠᠢᠨ ᠠ ᠃
ᠣᠪᠤᠭᠠᠨ ᠭᠤᠤ敖包沟
ᠣᠪᠤᠭᠠᠨ ᠠᠭᠤᠯᠠ ᠶᠢᠨ ᠬᠣᠷᠮᠤᠢ ᠳᠤ ᠪᠠᠢᠭ ᠠ ᠭᠤᠤ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨᠲᠠᠢ 10.5᠎ ᠺᠢᠯᠣᠮᠧᠲ᠋ᠷ ᠵᠠᠢᠲᠠᠢ ᠪᠠᠢᠳᠠᠭ ᠃ ᠡᠮᠦᠨ ᠡ ᠡᠴᠡ ᠬᠣᠢᠰᠢ ᠪᠠᠨ ᠬᠠᠨᠳᠤᠵᠦ ᠂ ᠭᠤᠤ ᠶᠢᠨ ᠤᠷᠲᠤ ᠨᠢ 1.5᠎ ᠺᠢᠯᠣᠮᠧᠲ᠋ᠷ ᠂ ᠥᠷᠭᠡᠨ ᠨᠢ 500᠎ ᠮᠧᠲ᠋ᠷ ᠪᠠᠢᠨ ᠠ ᠃
ᠭᠣᠷᠤᠬ ᠠ ᠶᠢᠨ ᠭᠤᠤ火里火沟
ᠪᠢᠴᠢᠬᠠᠨ ᠭᠣᠷᠤᠬ ᠠ ᠲᠠᠢ ᠭᠤᠤ ᠪᠣᠯᠬᠣᠷ ᠭᠣᠷᠤᠬ ᠠ ᠶᠢᠨ ᠭᠤᠤ ᠭᠡᠵᠦ ᠨᠡᠷ ᠡ ᠥᠭᠴᠡᠢ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠲᠠᠢ 3᠎ ᠺᠢᠯᠣᠮᠧᠲ᠋ᠷ ᠵᠠᠢᠲᠠᠢ ᠪᠠᠢᠳᠠᠭ ᠃ ᠡᠮᠦᠨ ᠡ ᠡᠴᠡ ᠬᠣᠢᠰᠢ ᠪᠠᠨ ᠬᠠᠨᠳᠤᠵᠦ ᠂ ᠭᠤᠤ ᠶᠢᠨ ᠤᠷᠲᠤ ᠨᠢ 3.5᠎ ᠺᠢᠯᠣᠮᠧᠲ᠋ᠷ ᠂ ᠥᠷᠭᠡᠨ ᠨᠢ 30᠎ ᠮᠧᠲ᠋ᠷ ᠪᠠᠢᠨ ᠠ ᠃ ᠦᠷᠭᠦᠯᠵᠢ ᠤᠰᠤ ᠲᠠᠢ ᠭᠤᠤ ᠪᠣᠯᠤᠨ ᠠ ᠃
ᠡᠯᠵᠢᠭᠡᠨ ᠭᠤᠤ二吉沟
ᠭᠤᠤ ᠶᠢᠨ ᠬᠥᠪᠡᠭᠡ ᠪᠡᠷ ᠨᠢ ᠦᠷᠭᠦᠯᠵᠢ ᠡᠯᠵᠢᠭᠡ ᠪᠡᠯᠴᠢᠭᠡᠷᠯᠡᠳᠡᠭ ᠢᠶᠡᠷ ᠨᠢ ᠡᠯᠵᠢᠭᠡᠨ ᠭᠤᠤ ᠭᠡᠪᠡ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 4᠎ ᠺᠢᠯᠣᠮᠧᠲ᠋ᠷ ᠬᠤᠯᠠ ᠪᠠᠢᠨ ᠠ ᠃ ᠵᠡᠭᠦᠨ ᠬᠣᠢᠨ ᠠ ᠡᠴᠡ ᠪᠠᠷᠠᠭᠤᠨ ᠡᠮᠦᠨᠡᠰᠢ ᠬᠠᠨᠳᠤᠭᠰᠠᠨ ᠭᠤᠤ ᠶᠢᠨ ᠤᠷᠲᠤ ᠨᠢ10᠎ ᠺᠢᠯᠣᠮᠧᠲ᠋ᠷ ᠂ ᠥᠷᠭᠡᠨ ᠨᠢ 30᠎ ᠮᠧᠲ᠋ᠷ ᠂ ᠭᠦᠨ ᠨᠢ 80᠎ ᠮᠧᠲ᠋ᠷ ᠪᠠᠢᠨ ᠠ ᠃
ᠪᠢᠯᠡᠭᠦᠦ ᠴᠢᠯᠠᠭᠤ ᠲᠠᠢ ᠭᠤᠤ磨石沟
ᠡᠨᠡ ᠭᠤᠤ ᠡᠴᠡ ᠪᠢᠯᠡᠭᠦᠦ ᠴᠢᠯᠠᠭᠤ ᠭᠠᠷᠳᠠᠭ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 7᠎ ᠺᠢᠯᠣᠮᠧᠲ᠋ᠷ ᠵᠠᠢᠲᠠᠢ ᠪᠠᠢᠨ ᠠ ᠃ ᠭᠤᠤ ᠶᠢᠨ ᠤᠷᠲᠤ ᠨᠢ4᠎ ᠺᠢᠯᠣᠮᠧᠲ᠋ᠷ ᠂ ᠥᠷᠭᠡᠨ ᠨᠢ 35᠎ ᠮᠧᠲ᠋ᠷ ᠂ ᠵᠡᠭᠦᠨ ᠬᠣᠢᠨ ᠠ ᠡᠴᠡ ᠪᠠᠷᠠᠭᠤᠨ ᠡᠮᠦᠨ ᠡ ᠵᠦᠭ ᠬᠠᠨᠳᠤᠭᠰᠠᠨ ᠭᠤᠤ ᠪᠣᠯᠤᠨ ᠠ ᠃
ᠪᠠᠭ ᠠ ᠡᠯᠵᠢᠭᠡᠨ ᠭᠤᠤ小二吉沟
ᠡᠯᠵᠢᠭᠡᠨ ᠭᠤᠤ ᠶᠢᠨ ᠣᠢᠷᠠᠯᠴᠠᠭ ᠠ ᠪᠠᠭ ᠠ ᠪᠠᠭ ᠠ ᠰᠢᠭ ᠭᠤᠤ ᠶᠢ ᠵᠢᠭᠠᠵᠠᠢ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠵᠡᠭᠦᠨ ᠡᠮᠦᠨ ᠡ 10᠎ ᠺᠢᠯᠣᠮᠧᠲ᠋ᠷ ᠵᠠᠢᠲᠠᠢ ᠪᠠᠢᠨ ᠠ ᠃ ᠵᠡᠭᠦᠨ ᠡᠴᠡ ᠪᠠᠷᠠᠭᠤᠨᠰᠢ ᠬᠠᠨᠳᠤᠵᠦ ᠂ ᠤᠷᠲᠤ ᠨᠢ 4.5᠎ ᠺᠢᠯᠣᠮᠧᠲ᠋ᠷ ᠂ ᠥᠷᠭᠡᠨ ᠨᠢ 50᠎ ᠮᠧᠲ᠋ᠷ ᠭᠤᠤ ᠪᠣᠯᠤᠨ ᠠ ᠃
ᠪᠤᠯᠠᠭ ᠤᠨ ᠭᠤᠤ水泉子沟
ᠭᠤᠤ ᠳᠣᠲᠤᠷ ᠠ ᠡᠴᠡ ᠨᠢ ᠪᠤᠯᠠᠭ ᠤᠷᠭᠢᠯᠠᠵᠦ ᠪᠠᠢᠳᠠᠭ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ 4᠎ ᠺᠢᠯᠣᠮᠧᠲ᠋ᠷ ᠵᠠᠢᠲᠠᠢ ᠪᠠᠢᠨ ᠠ ᠃ ᠡᠮᠦᠨ ᠡ ᠡᠴᠡ ᠬᠣᠢᠰᠢ ᠪᠠᠨ ᠬᠠᠨᠳᠤᠵᠦ ᠂ 1᠎ ᠺᠢᠯᠣᠮᠧᠲ᠋ᠷ ᠤᠷᠲᠤ ᠂ 20᠎ ᠮᠧᠲ᠋ᠷ ᠥᠷᠭᠡᠨ ᠭᠤᠤ ᠪᠣᠯᠤᠨ ᠠ ᠃
ᠰᠠᠢᠬᠠᠨ ᠬᠥᠨᠳᠡᠢ ᠶᠢᠨ ᠭᠤᠤ桑材沟脑
ᠡᠨᠡ ᠭᠤᠤ ᠨᠢ ᠰᠠᠢᠬᠠᠨ ᠬᠥᠨᠳᠡᠢ ᠶᠢᠨ ᠳᠡᠭᠡᠷ ᠡ ᠬᠡᠰᠡᠭ ᠲᠦ ᠪᠠᠢᠨ ᠠ ᠃ ᠡᠨᠡ ᠭᠤᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 14᠎ ᠺᠢᠯᠣᠮᠧᠲ᠋ᠷ ᠵᠠᠢᠲᠠᠢ ᠪᠠᠢᠵᠤ ᠂ ᠳᠡᠭᠡᠷ ᠡ ᠲᠠᠯᠠᠪᠠᠢ ᠠᠢᠯ ᠤᠨ ᠵᠡᠭᠦᠨ ᠡᠴᠡ ᠡᠬᠢ ᠠᠪᠴᠤ ᠂ ᠰᠠᠢᠬᠠᠨ ᠬᠥᠨᠳᠡᠢ ᠲᠠᠢ ᠵᠠᠯᠭᠠᠯᠳᠤᠨ ᠂ 1.5᠎ ᠺᠢᠯᠣᠮᠧᠲ᠋ᠷ ᠤᠷᠲᠤ ᠂10᠎ ᠮᠧᠲ᠋ᠷ ᠥᠷᠭᠡᠨ ᠪᠠᠢᠳᠠᠭ ᠃ ᠪᠠᠰᠠ《ᠰᠡᠭᠦᠵᠢ ᠬᠥᠨᠳᠡᠢ ᠶᠢᠨ ᠭᠤᠤ 》ᠭᠡᠳᠡᠭ ᠃
ᠬᠣᠶᠠᠷ ᠴᠢᠯᠠᠭᠤ合页石
ᠲᠠᠯ ᠠ ᠶᠢᠨ ᠳᠤᠮᠳᠠ ᠨᠢ ᠬᠣᠶᠠᠷ ᠬᠡᠰᠡᠭ ᠴᠢᠯᠠᠭᠤ ᠣᠪᠤᠭᠠᠯᠠᠨ ᠲᠠᠪᠬᠤᠷᠯᠠᠵᠦ ᠪᠠᠢᠳᠠᠭ ᠃ ᠬᠢᠲᠠᠳ ᠤᠳ ᠮᠣᠩᠭᠤᠯ ᠢᠶᠠᠷ ᠬᠡᠯᠡᠵᠦ ᠴᠢᠳᠠᠬᠤ ᠦᠭᠡᠢ ᠾᠧ ᠶᠧ ᠱᠢ ( 合页石) ᠭᠡᠳᠡᠭ ᠃ ᠡᠨᠡ ᠬᠣᠶᠠᠷ ᠴᠢᠯᠠᠭᠤ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 22᠎ ᠺᠢᠯᠣᠮᠧᠲ᠋ᠷ ᠬᠤᠯᠠ ᠪᠠᠢᠵᠤ ᠂ ᠲᠠᠯ ᠠ ᠭᠠᠵᠠᠷ ᠨᠢ ᠡᠷᠭᠢᠨ ᠲᠣᠭᠤᠷᠢᠨ 4᠎ ᠲᠡᠭᠰᠢ ᠳᠥᠷᠪᠡᠯᠵᠢᠨ ᠺᠢᠯᠣᠮᠧᠲ᠋ᠷ ᠪᠠᠢᠨ ᠠ ᠃
ᠠᠩᠴᠢ大杖口
ᠠᠩ ᠭᠥᠷᠦᠭᠡ ᠬᠢᠬᠦ ᠳᠦ ᠠᠩᠴᠢᠨ ᠨᠠᠷ ᠤᠨ ᠠᠪᠠ ᠳᠤ ᠰᠠᠭᠤᠳᠠᠭ ᠰᠠᠭᠤᠳᠠᠯ ᠤᠨ ᠭᠠᠵᠠᠷ ᠪᠣᠯᠬᠣᠷ 《ᠠᠩᠴᠢ 》ᠭᠡᠪᠡ ᠃ ᠬᠢᠲᠠᠳ ᠤᠳ ᠬᠡᠯᠡᠵᠦ ᠴᠢᠳᠠᠬᠤ ᠦᠭᠡᠢ《 ᠳ᠋ᠠ ᠵᠠᠩ ᠺᠧᠦ》ᠭᠡᠵᠦ ᠪᠠᠢᠨ ᠠ ᠃ ᠡᠨᠡ ᠭᠠᠵᠠᠷ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨᠲᠠᠢ 14᠎ ᠺᠢᠯᠣᠮᠧᠲ᠋ᠷ ᠵᠠᠢᠲᠠᠢ ᠪᠠᠢᠨ ᠠ ᠃ ᠡᠷᠭᠢᠨ ᠲᠣᠭᠤᠷᠢᠨ 3᠎ ᠲᠡᠭᠰᠢ ᠳᠥᠷᠪᠡᠯᠵᠢᠨ ᠺᠢᠯᠣᠮᠧᠲ᠋ᠷ ᠶᠡᠬᠡ ᠃
ᠪᠠᠭ ᠠ ᠠᠩᠴᠢ小杖口
ᠠᠩ ᠭᠥᠷᠦᠭᠡ ᠬᠢᠬᠦ ᠳᠦ ᠠᠩᠴᠢᠨ ᠨᠠᠷ ᠤᠨ ᠠᠪᠠ ᠶᠢᠨ ᠰᠠᠭᠤᠳᠠᠯ ᠳᠤ ᠰᠠᠭᠤᠳᠠᠭ ᠭᠠᠵᠠᠷ ᠃ ᠭᠠᠵᠠᠷ ᠤᠨ ᠬᠡᠪᠴᠢᠶ ᠡ ᠨᠢ ᠪᠠᠭ ᠠ ᠪᠣᠯᠬᠣᠷ《ᠪᠠᠭ ᠠ ᠠᠩᠴᠢ》ᠭᠡᠪᠡ ᠃ ᠡᠨᠡ ᠭᠠᠵᠠᠷ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨᠰᠢ 15᠎ ᠺᠢᠯᠣᠮᠧᠲ᠋ᠷ ᠵᠠᠢᠲᠠᠢ ᠪᠠᠢᠵᠤ ᠂ ᠡᠷᠭᠢᠨ ᠲᠣᠭᠤᠷᠢᠨ 2᠎ ᠺᠢᠯᠣᠮᠧᠲ᠋ᠷ ᠬᠢᠷᠢᠲᠡᠢ ᠪᠠᠢᠨ ᠠ ᠃
ᠤᠯᠠᠭᠠᠨ ᠨᠠᠷᠠᠰᠦᠳᠦ ᠬᠣᠲᠤᠭᠤᠷ红松洼
ᠤᠯᠠᠭᠠᠨ ᠨᠠᠷᠠᠰᠤ ᠲᠠᠢ ᠬᠣᠲᠤᠭᠤᠷ ᠪᠣᠯᠬᠣᠷ ᠡᠢᠮᠦ ᠨᠡᠷ ᠡ ᠶᠢ ᠥᠭᠴᠡᠢ ᠃ ᠡᠨᠡ ᠭᠠᠵᠠᠷ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠡᠮᠦᠨ ᠡ 8.5᠎ ᠺᠢᠯᠣᠮᠧᠲ᠋ᠷ ᠬᠤᠯᠠ ᠪᠠᠢᠨ ᠠ ᠃ ᠲᠠᠯᠠᠪᠠᠢ ᠨᠢ 3000᠎ ᠮᠦ ᠃
ᠲᠡᠮᠡᠭᠡᠨ ᠬᠦᠵᠡᠭᠦᠦ骆驼脖子
ᠭᠠᠵᠠᠷ ᠤᠨ ᠪᠠᠢᠴᠠ ᠨᠢ ᠲᠡᠮᠡᠭᠡᠨ ᠬᠦᠵᠡᠭᠦᠦ ᠠᠳᠠᠯᠢ ᠪᠣᠯᠬᠣᠷ ᠡᠢᠮᠦ ᠨᠡᠷ ᠡ ᠥᠭᠪᠡ ᠃ ᠡᠨᠡ ᠭᠠᠵᠠᠷ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨᠲᠠᠢ 6.5᠎ ᠺᠢᠯᠣᠮᠧᠲ᠋ᠷ ᠵᠠᠢᠲᠠᠢ ᠪᠠᠢᠨ ᠠ ᠃ ᠲᠠᠯᠠᠪᠠᠢ ᠨᠢ ᠪᠠᠷᠤᠭ 1500᠎ ᠮᠦ ᠪᠠᠢᠨ ᠠ ᠃
ᠰᠦᠮ ᠡ ᠶᠢᠨ ᠵᠠᠮ庙道
ᠬᠡᠰᠢᠭᠲᠡᠨ ᠬᠣᠰᠢᠭᠤᠨ ᠤ ᠲᠠᠷᠬᠠᠨ ᠤᠪᠤᠭ ᠠ ᠰᠦᠮ ᠡ ᠳᠦ ᠶᠠᠪᠤᠬᠤ ᠵᠠᠮ ᠪᠣᠯᠬᠣᠷ ᠡᠢᠮᠦ ᠨᠠᠷ ᠡ ᠶᠢ ᠥᠭᠴᠡᠢ ᠃ ᠡᠨᠡ ᠭᠠᠵᠠᠷ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠬᠣᠢᠲᠠᠢ 6᠎ ᠺᠢᠯᠣᠮᠧᠲ᠋ᠷ ᠪᠠᠢᠨ ᠠ ᠃ ᠡᠨᠡ ᠭᠠᠵᠠᠷ ᠤᠨ ᠲᠠᠯᠠᠪᠠᠢ ᠨᠢ ᠪᠠᠷᠤᠭ 2000᠎ ᠮᠦ ᠪᠠᠢᠨ ᠠ ᠃
ᠴᠦᠨᠳᠦᠪ ᠦᠨ ᠠᠭᠤᠢ大石砬山洞
ᠡᠨᠡ ᠠᠭᠤᠯᠠ ᠨᠢ ᠠᠪᠤᠷᠭᠤ ᠲᠣᠮᠤ ᠬᠠᠳᠠ ᠴᠢᠯᠠᠭᠤ ᠪᠠᠷ ᠪᠦᠷᠢᠯᠳᠦᠵᠦ ᠳᠣᠣᠷ ᠠ ᠪᠠᠨ ᠠᠭᠤᠢ ᠲᠠᠢ ᠃ ᠴᠦᠨᠳᠦᠪ ᠦᠨ ᠭᠣᠣᠯ ᠤᠨ ᠠᠷᠤ ᠲᠠᠯ ᠠ ᠳᠤ ᠪᠠᠢᠨ ᠠ ᠃ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨᠰᠢ 6᠎ ᠺᠢᠯᠣᠮᠧᠲ᠋ᠷ ᠬᠤᠯᠠ ᠪᠠᠢᠨ ᠠ ᠃ ᠭᠣᠣᠯ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ 1556᠎ ᠮᠧᠲ᠋ᠷ ᠡᠷᠭᠦᠭᠳᠡᠵᠦ ᠪᠠᠢᠨ ᠠ ᠃
ᠬᠤᠯᠤᠰᠤᠲᠠᠢ ᠭᠣᠣᠯ苇塘河
ᠭᠣᠣᠯ ᠤᠨ ᠬᠥᠪᠡᠭᠡ ᠪᠡᠷ ᠨᠢ ᠬᠤᠯᠤᠰᠦ ᠡᠪᠡᠰᠦ ᠲᠠᠢ ᠪᠣᠯᠬᠣᠷ《ᠬᠤᠯᠤᠰᠤᠲᠠᠢ ᠭᠣᠣᠯ》(苇塘河 ) ᠭᠡᠪᠡ ᠃ ᠡᠨᠡ ᠭᠣᠣᠯ ᠨᠢ ᠣᠩᠨᠢᠭᠤᠳ ᠬᠡᠰᠢᠭᠲᠡᠨ ᠬᠣᠶᠠᠷ ᠬᠣᠰᠢᠭᠤᠨ ᠤ ᠵᠠᠭᠠᠭ ᠡᠴᠡ ᠡᠬᠢ ᠠᠪᠴᠤ ᠂ ᠬᠡᠰᠢᠭᠲᠡᠨ ᠦ ᠰᠧ ᠯᠸᠩ ᠭᠤᠤ ᠡᠴᠡ ᠡᠬᠢ ᠠᠪᠴᠤ ᠂ ᠣᠩᠨᠢᠭᠤᠳ ᠬᠣᠰᠢᠭᠤᠨ ᠤ ᠤᠤᠯ ᠤᠨ ᠶᠠᠩ ᠱᠤ ᠭᠧᠦ ᠮᠧᠨ ᠰᠢᠶᠠᠩ ᠂ ᠢ ᠾᠧ ᠭᠦᠩ ᠰᠢᠶᠠᠩ ᠂ ᠮᠠᠤ ᠱᠠᠨ ᠳ᠋ᠦᠩ ᠰᠢᠶᠠᠩ ᠪᠤᠯᠤᠨ ᠬᠡᠰᠢᠭᠲᠡᠨ ᠬᠣᠰᠢᠭᠤᠨ ᠤ ᠰᠢᠨ ᠺᠠᠢ ᠳ᠋ᠢ ᠰᠢᠶᠠᠩ ᠪᠠ ᠲᠸᠦ ᠴᠸᠩᠽᠢ ᠪᠠᠯᠭᠠᠰᠤ ᠪᠠᠷ ᠳᠠᠮᠵᠢᠨ 78᠎ ᠺᠢᠯᠣᠮᠧᠲ᠋ᠷ ᠤᠷᠲᠤ ᠤᠷᠤᠰᠴᠤ ᠂ ᠮᠠᠤ ᠱᠠᠨ ᠳ᠋ᠦᠩ ᠰᠢᠶᠠᠩ ᠣᠷᠴᠢᠮ ᠤᠨ ᠴᠢᠩ ᠱᠦᠢ ᠺᠧᠦ ᠭᠡᠬᠦ ᠭᠠᠵᠠᠷ ᠬᠦᠷᠴᠦ ᠢᠷᠡᠭᠡᠳ ᠰᠢᠷᠠᠮᠦᠷᠡᠨ ᠭᠣᠣᠯ ᠲᠠᠢ ᠨᠡᠢᠯᠡᠵᠦ ᠪᠠᠢᠳᠠᠭ ᠃
ᠤᠲᠠᠰᠤᠨ ᠬᠡᠷᠡᠮ金界壕
ᠠᠯᠳᠠᠨ ᠤᠯᠤᠰ ᠤᠨ ᠰᠡᠭᠦᠯ ᠦᠨ ᠦᠶ ᠡ ᠳᠦ ᠵᠠᠰᠠᠭᠰᠠᠨ ᠬᠢᠯᠢ ᠤᠨ ᠵᠠᠭᠠᠭ ᠤᠨ ᠴᠠᠭᠠᠨ ᠬᠡᠷᠡᠮ ᠂ ᠮᠣᠩᠭᠤᠯ ᠢᠶᠠᠷ ᠤᠯᠠᠭᠠᠨ ᠳᠠᠪᠠᠭ ᠠ ᠭᠡᠵᠦ ᠬᠡᠯᠡᠳᠡᠭ ᠃ ᠪᠠᠰᠠ ᠴᠢᠩᠭᠢᠰ ᠬᠠᠭᠠᠨ ᠤ ᠬᠤᠳᠠ ᠶᠢᠨ ᠬᠡᠷᠡᠮ ᠭᠡᠵᠦ ᠬᠡᠯᠡᠳᠡᠭ ᠃ ᠣᠩᠨᠢᠭᠤᠳ ᠬᠣᠰᠢᠭᠤᠨ ᠳᠤ ᠡᠨᠡ ᠬᠡᠷᠡᠮ ᠦᠨ ᠪᠠᠭᠤᠷᠢ ᠨᠢ ᠤᠤᠯ ᠤᠨ ᠶᠠᠩ ᠱᠤ ᠭᠧᠦ ᠮᠧᠨ ᠰᠢᠶᠠᠩ ᠤᠨ ᠵᠠᠰᠠᠭ ᠤᠨ ᠣᠷᠳᠤᠨ ᠤ ᠰᠠᠭᠤᠵᠤ ᠪᠠᠢᠭᠰᠠᠨ ᠭᠠᠵᠠᠷ ᠡᠴᠡ ᠪᠠᠷᠠᠭᠤᠨ ᠡᠮᠦᠨ ᠡ 21.5᠎ ᠺᠢᠯᠣᠮᠧᠲ᠋ᠷ ᠵᠠᠢᠲᠠᠢ ᠪᠠᠢᠳᠠᠭ ᠃ ᠡᠨᠡ ᠬᠡᠷᠡᠮ ᠦᠨ ᠤᠷᠲᠤ ᠨᠢ 500᠎ ᠺᠢᠯᠣᠮᠧᠲ᠋ᠷ ᠤᠷᠲᠤ ᠪᠠᠢᠵᠤ ᠂ ᠰᠤᠩᠱᠠᠨ ᠲᠣᠭᠤᠷᠢᠭ ᠡᠴᠡ ᠤᠩᠨᠢᠭᠤᠳᠬᠤᠰᠢᠭᠤ ᠪᠠᠷ ᠳᠠᠮᠵᠢᠨ ᠬᠡᠰᠢᠭᠲᠡᠨ ᠬᠣᠰᠢᠭᠤ ᠥᠭᠡᠳᠡ ᠶᠠᠪᠤᠳᠠᠭ ᠃ ᠣᠩᠨᠢᠭᠤᠳ ᠬᠣᠰᠢᠭᠤᠨ ᠤ ᠬᠡᠰᠡᠭ ᠨᠢ 6᠎ ᠺᠢᠯᠣᠮᠧᠲ᠋ᠷ ᠤᠷᠲᠤ ᠪᠠᠢᠳᠠᠭ ᠃ ᠡᠭᠦᠨ ᠢ ᠪᠠᠰᠠ《ᠤᠲᠠᠰᠤᠨ ᠬᠡᠷᠡᠮ 》ᠭᠡᠳᠡᠭ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )