ᠲᠡᠤᠭᠡ ᠰᠤᠶᠤᠯ
ᠣᠩᠨᠢᠭᠤᠳ ᠨᠤᠲᠤᠭ ᠣᠩᠨᠢᠭᠤᠳ ᠨᠤᠲᠤᠭ ( ᠳᠠᠭᠤᠤ ᠶᠢᠨ ᠦᠭᠡ )
2019.06.18 ᠲᠣᠰ ᠥᠷᠲᠡᠭᠡᠨ ᠦ ᠨᠠᠢᠷᠠᠭᠤᠯᠤᠭᠴᠢ
ᠣᠩᠨᠢᠭᠤᠳ ᠨᠤᠲᠤᠭ ᠣᠩᠨᠢᠭᠤᠳ ᠨᠤᠲᠤᠭ ( ᠳᠠᠭᠤᠤ ᠶᠢᠨ ᠦᠭᠡ )
︱︱ ᠨᠠᠮᠲᠠᠢᠰᠦᠷᠦᠩ 1᠎ ᠂ ᠬᠥᠬᠡ ᠣᠭᠲᠠᠷᠭᠤᠢ ᠳᠤ ᠡᠭᠦᠯᠡ ᠨᠢ ᠴᠠᠢᠷᠠᠭᠠᠳ ᠂
ᠬᠥᠳᠡᠭᠡ ᠲᠠᠯ᠎ᠠ ᠳᠤ ᠪᠡᠯᠴᠢᠭᠡᠷ ᠨᠢ ᠨᠣᠭᠤᠭᠠᠷᠠᠨ᠎ᠠ ᠃
ᠨᠠᠢ᠍ᠮᠠᠨ ᠵᠠᠭᠤᠨ ᠭᠠᠵᠠᠷ ᠤᠨ ᠡᠯᠡᠰᠦ ᠮᠠᠩᠬ᠎ᠠ ᠲᠠᠢ
ᠮᠢᠨᠦ ᠲᠥᠷᠦᠭᠰᠡᠨ ᠨᠤᠲᠤᠭ ᠣᠩᠨᠢᠭᠤᠳ ᠡ ᠃
ᠰᠢᠷ᠎ᠠ ᠮᠥᠷᠡᠨ ᠬᠠᠳᠠᠭ ᠳᠡᠯᠭᠡᠨ ᠪᠥᠵᠢᠭᠯᠡᠭᠡᠳ
ᠯᠠᠤᠬ᠎ᠠ ᠶᠢᠨ ᠭᠣᠣᠯ ᠳᠠᠭᠤᠤ ᠡᠷᠭᠦᠨ ᠤᠭᠲᠤᠨ᠎ᠠ ᠃
ᠲᠦᠮᠡᠨ ᠵᠢᠯ ᠤᠨ ᠱᠠᠩ ᠶᠣᠣ ᠶᠢᠨ ᠠᠭᠤᠢ ᠲᠠᠢ ᠂
ᠮᠢᠩᠭᠠᠨ ᠤᠨ ᠤ ᠬᠢᠳᠠᠨ ᠤ ᠶᠦᠩᠵᠸᠦ ᠬᠤᠳᠠ ᠲᠠᠢ ᠂
ᠯᠤᠤ ᠲᠣᠭᠯᠠᠨ ᠭᠠᠷᠤᠳᠢ ᠲᠡᠭᠦᠯᠢᠭᠰᠡᠨ ᠣᠩᠨᠢᠭᠤᠳ ᠤᠨ ᠨᠤᠲᠤᠭ ᠤᠰᠤ ᠡ ᠃ 2᠎ ᠂ ᠬᠥᠬᠡ ᠣᠭᠲᠠᠷᠭᠤᠢ ᠳᠤ ᠡᠭᠦᠯᠡ ᠨᠢ ᠴᠠᠢᠷᠠᠭᠠᠳ ᠂
ᠬᠥᠳᠡᠭᠡ ᠲᠣᠰᠭᠤᠨ ᠢᠶᠠᠷ ᠲᠠᠷᠢᠶ᠎ᠠ ᠬᠠᠯᠢᠭᠤᠷᠠᠨ᠎ᠠ ᠃
ᠦᠵᠡᠮᠵᠢᠲᠦ ᠪᠠᠶᠠᠨ ᠨᠤᠲᠤᠭ ᠤᠰᠤ ᠲᠠᠢ ᠂
ᠥᠷᠯᠦᠭ ᠪᠠᠭᠠᠲᠤᠷᠴᠤᠳ ᠤᠨ ᠥᠯᠦᠭᠡᠢ ᠨᠤᠲᠤᠭ ᠡ ᠃
ᠬᠣᠩᠭᠢᠷᠠᠳ ᠬᠠᠲᠤᠳ ᠨᠢ ᠰᠣᠴᠢᠨ ᠭᠠᠢᠬᠠᠵᠤ ᠰᠡᠷᠢᠭᠡᠳ ᠂
ᠲᠦᠩᠭᠢᠨᠡᠴᠢ ᠡᠯᠡᠰᠦ ᠨᠢ ᠠᠨᠲᠠᠢ ᠪᠥᠵᠢᠭᠯᠡᠨ ᠪᠠᠶᠠᠰᠤᠨ᠎ᠠ ᠃
ᠲᠦᠮᠡᠨ ᠵᠢᠯ ᠤᠨ ᠱᠠᠩ ᠶᠣᠣ ᠶᠢᠨ ᠠᠭᠤᠢ ᠲᠠᠢ ᠂
ᠮᠢᠩᠭᠠᠨ ᠤᠨ ᠤ ᠬᠢᠳᠠᠨ ᠤ ᠶᠦᠩᠵᠸᠦ ᠬᠤᠳᠠ ᠲᠠᠢ ᠂
ᠯᠤᠤ ᠲᠣᠭᠯᠠᠨ ᠭᠠᠷᠤᠳᠢ ᠲᠡᠭᠦᠯᠢᠭᠰᠡᠨ ᠣᠩᠨᠢᠭᠤᠳ ᠤᠨ ᠨᠤᠲᠤᠭ ᠤᠰᠤ ᠡ ᠃ 3᠎ ᠂ ᠬᠥᠬᠡ ᠣᠭᠲᠠᠷᠭᠤᠢ ᠳᠤ ᠡᠭᠦᠯᠡ ᠨᠢ ᠴᠠᠢᠷᠠᠭᠠᠳ
ᠦᠢᠯᠡᠳᠪᠦᠷᠢ ᠠᠭᠤᠷᠬᠠᠢ ᠰᠢᠭᠤᠢᠷᠠᠨ ᠪᠣᠰᠤᠨ᠎ᠠ ᠃
ᠠᠭᠤᠯᠠ ᠨᠢᠷᠤᠭᠤᠳ ᠲᠤ ᠨᠠᠷᠠᠰᠤ ᠮᠠᠢᠯᠠᠰᠤ ᠬᠥᠬᠡᠷᠡᠭᠡᠳ
ᠨᠠᠭᠤᠷ ᠴᠥᠭᠦᠷᠦᠮ ᠳᠤ ᠵᠢᠭᠠᠰᠤ ᠵᠢᠷᠠᠭᠠᠬᠠᠢ ᠴᠣᠯᠭᠢᠨ᠎ᠠ ᠃
ᠬᠤᠳᠠ ᠪᠠᠯᠭᠠᠰᠤ ᠨᠢ ᠢᠨᠢᠶᠡᠨ ᠮᠦᠰᠢᠶᠡᠭᠡᠳ
ᠤᠷᠤᠭᠰᠢᠯᠠᠯᠲᠠ ᠶᠢᠨ ᠪᠦᠷᠢᠶ᠎ᠡ ᠬᠠᠩᠭᠢᠨᠠᠨ ᠴᠤᠤᠷᠢᠶᠠᠲᠤᠨ᠎ᠠ ᠃
ᠲᠦᠮᠡᠨ ᠵᠢᠯ ᠤᠨ ᠱᠠᠩ ᠶᠣᠣ ᠶᠢᠨ ᠠᠭᠤᠢ ᠲᠠᠢ ᠂
ᠮᠢᠩᠭᠠᠨ ᠤᠨ ᠤ ᠬᠢᠳᠠᠨ ᠤ ᠶᠦᠩᠵᠸᠦ ᠬᠤᠳᠠ ᠲᠠᠢ ᠂
ᠯᠤᠤ ᠲᠣᠭᠯᠠᠨ ᠭᠠᠷᠤᠳᠢ ᠲᠡᠭᠦᠯᠢᠭᠰᠡᠨ ᠣᠩᠨᠢᠭᠤᠳ ᠤᠨ ᠨᠤᠲᠤᠭ ᠤᠰᠤ ᠡ ᠃ 4᠎ ᠂ ᠬᠥᠬᠡ ᠣᠭᠲᠠᠷᠭᠤᠢ ᠳᠤ ᠡᠭᠦᠯᠡ ᠨᠢ ᠴᠠᠢᠷᠠᠭᠠᠳ ᠂
ᠯᠤᠤ ᠭᠠᠷᠤᠳᠢ ᠢᠪᠡᠭᠡᠨ ᠲᠤᠰᠠᠯᠠᠨ᠎ᠠ ᠃
ᠡᠶ᠎ᠡ ᠵᠣᠬᠢᠴᠠᠯᠲᠤ ᠥᠭᠡᠳᠡᠯᠡᠭᠰᠡᠨ ᠨᠤᠲᠤᠭ
ᠡᠭᠦᠷᠢᠳᠡ ᠲᠣᠭᠲᠠᠨᠢᠬᠤ ᠡᠭᠡ ᠣᠷᠤᠨ ᠡ ᠃
ᠴᠠᠭ ᠡᠷᠡᠨ ᠲᠠᠢ ᠤᠷᠤᠭᠰᠢᠯᠠᠭᠰᠠᠨ ᠣᠩᠨᠢᠭᠤᠳ ᠂
ᠥᠯᠵᠡᠢ ᠪᠡᠯᠭᠡᠲᠦ ᠯᠤᠤ ᠭᠠᠷᠤᠳᠢᠳᠤ ᠨᠤᠲᠤᠭ ᠡ ᠃
ᠲᠦᠮᠡᠨ ᠵᠢᠯ ᠤᠨ ᠱᠠᠩ ᠶᠣᠣ ᠶᠢᠨ ᠠᠭᠤᠢ ᠲᠠᠢ ᠂
ᠮᠢᠩᠭᠠᠨ ᠤᠨ ᠤ ᠬᠢᠳᠠᠨ ᠤ ᠶᠦᠩᠵᠸᠦ ᠬᠤᠳᠠ ᠲᠠᠢ ᠂
ᠯᠤᠤ ᠲᠣᠭᠯᠠᠨ ᠭᠠᠷᠤᠳᠢ ᠲᠡᠭᠦᠯᠢᠭᠰᠡᠨ ᠣᠩᠨᠢᠭᠤᠳ ᠤᠨ ᠨᠤᠲᠤᠭ ᠤᠰᠤ ᠡ ᠃
ᠲᠠᠢᠯᠪᠤᠷᠢ ᠄ 1᠎ ᠂ ᠱᠠᠩ ᠶᠣᠣ ᠠᠭᠤᠢ ︱︱ ᠡᠨᠳᠡ ᠪᠠᠯᠠᠷ ᠡᠷᠲᠡᠨ ᠤ ᠬᠥᠮᠦᠨ ᠰᠠᠭᠤᠵᠤ ᠪᠠᠢᠭᠰᠠᠨ ᠠᠭᠤᠢ ᠪᠠᠢᠳᠠᠭ ᠃ ᠪᠤᠷᠤᠬᠤᠳᠠ ᠪᠠᠯᠭᠠᠰᠤ ᠶᠢᠨ ᠱᠠᠩ ᠶᠣᠣ ᠲᠣᠰᠭᠤᠨ ᠳᠤ ᠪᠠᠭᠤᠷᠢ ᠨᠢ ᠪᠠᠢᠨ᠎ᠠ ᠃ 2᠎ ᠂ ᠶᠦᠩᠵᠸᠤ ᠬᠤᠳᠠ ︱︱ ᠬᠢᠳᠠᠨ ( ᠯᠢᠶᠣᠣ ) ᠤᠯᠤᠰ ᠤᠨ ᠬᠠᠭᠠᠨ ᠤ ᠡᠪᠦᠯᠵᠢᠶᠡᠨ ᠤ ᠣᠷᠳᠤᠨ ᠪᠠᠢᠪᠠ ᠃ ᠬᠤᠳᠠ ᠶᠢᠨ ᠪᠠᠭᠤᠷᠢ ᠨᠢ ᠰᠢᠨᠡᠰᠦᠮ᠎ᠡ ᠰᠤᠮᠤᠨ ᠤ ᠵᠠᠰᠠᠭ ᠤᠨ ᠣᠷᠳᠤᠨ ᠤ ᠰᠠᠭᠤᠭ᠎ᠠ ᠭᠠᠵᠠᠷ ᠤᠨ ᠵᠡᠭᠦᠨ ᠡᠮᠦᠨ᠎ᠡ ᠪᠤᠢ ᠃ 3᠎ ᠂ ᠬᠣᠩᠭᠢᠷᠠᠳ ᠬᠠᠲᠤᠳ ︱︱ ᠶᠤᠸᠠᠨ ᠤᠯᠤᠰ ᠤᠨ ᠦᠶ᠎ᠡ ᠳᠤ ᠣᠩᠨᠢᠭᠤᠳ ᠬᠣᠰᠢᠭᠤ ᠪᠣᠯ ᠬᠣᠩᠭᠢᠷᠠᠳ ᠠᠢᠮᠠᠭ ᠤᠨ ᠬᠠᠷᠢᠶᠠᠨ ᠤ ᠭᠠᠵᠠᠷ ᠪᠠᠢᠯ᠎ᠠ ᠃ ᠲᠡᠷᠡ ᠦᠶᠡᠰ ᠲᠤ ᠪᠤᠷᠤᠬᠤᠳᠠ ᠶᠢ ᠴᠢᠤᠸᠠᠨ ᠨᠢᠩ ᠴᠦᠯᠭᠡ ᠪᠤᠶᠤ ᠯᠦ ᠸᠠᠩ ᠤᠨ ᠬᠤᠳᠠ ᠂ ᠭᠦᠩᠵᠤ ᠶᠢᠨ ᠬᠤᠳᠠ ᠭᠡᠵᠦ ᠬᠡᠯᠡᠳᠡᠭ ᠃ ᠯᠦ ᠸᠠᠩ ᠤᠨ ᠬᠤᠳᠠ ᠶᠢ ᠬᠤᠪᠢᠯᠠᠢ ᠬᠠᠭᠠᠨ ᠤ ᠬᠣᠶᠠᠳᠤᠭᠠᠷ ᠥᠬᠢᠨ ᠨᠠᠩᠵᠢᠶᠠᠵᠸᠨ ᠡᠬᠢᠯᠡᠵᠦ ᠪᠠᠢᠭᠤᠯᠵᠤ ᠂ ᠲᠡᠭᠦᠨ ᠤ ᠬᠦᠦ ᠪᠡᠷᠢ ᠡᠭᠡᠴᠢᠮᠡᠳ ᠭᠦᠩᠵᠤ ᠰᠡᠩᠭᠡᠷᠡ ( ᠰᠠᠩᠭᠡᠯᠵᠢ ) ᠪᠠᠢᠭᠤᠯᠵᠤ ᠳᠠᠭᠤᠰᠭᠠᠵᠠᠢ ᠃ ᠴᠡᠪᠡᠷ ᠬᠠᠲᠤᠨ ᠲᠠᠭᠠᠯ ᠪᠣᠯᠤᠭᠰᠠᠨ ᠤ ᠳᠠᠷᠠᠭ᠎ᠠ ᠬᠤᠪᠢᠯᠠᠢ ᠬᠠᠭᠠᠨ ᠯᠦ ᠸᠠᠩ ᠤᠨ ᠬᠣᠲᠠᠨ ᠡᠴᠡ ᠠᠪᠤᠭᠰᠠᠨ ᠬᠣᠩᠭᠢᠷᠠᠳ ᠬᠠᠲᠤᠨ ᠨᠠᠮᠠᠬᠠᠨ ( ᠨᠠᠮᠪᠢ ᠂ ᠨᠠᠮᠪᠠᠢ ) ᠶᠢ ᠬᠤᠸᠠᠩᠭᠡᠤ ᠪᠣᠯᠭᠠᠪᠠ ᠃ ᠶᠤᠸᠠᠨ ᠤᠯᠤᠰ ᠤᠨ ᠦᠶ᠎ᠡ ᠳᠤ ᠬᠣᠩᠭᠢᠷᠠᠳ ᠠᠢᠮᠠᠭ ᠡᠴᠡ 18᠎ ᠬᠠᠲᠤᠨ ᠭᠠᠷᠤᠭᠰᠠᠨ ᠶᠤᠮ ᠃ < < ᠬᠣᠩᠭᠢᠷᠠᠳ ᠬᠠᠳᠠᠳ ᠨᠢ ᠰᠣᠴᠢᠨ ᠭᠠᠢᠬᠠᠵᠤ ᠰᠡᠷᠢᠭᠡᠳ >‍᠎ >‍᠎ ᠭᠡᠳᠡᠭ ᠦᠭᠡ ᠪᠣᠯ ᠥᠨᠥ ᠶᠢᠨ ᠪᠤᠷᠤᠬᠤᠳᠠ ᠲᠡᠷᠡ ᠦᠶ᠎ᠡ ᠶᠢᠨ ᠯᠦ ᠸᠠᠩ ᠤᠨ ᠬᠤᠳᠠ ᠡᠴᠡ ᠰᠠᠢᠬᠠᠨ ᠪᠣᠯᠤᠯ᠎ᠠ ᠭᠡᠰᠡᠨ ᠦᠭᠡ ᠮᠥᠨ ᠃ 4᠎ ᠂ ᠲᠦᠩᠭᠢᠨᠡᠴᠢ ᠶᠢᠨ ᠡᠯᠡᠰᠦ ︱︱ ᠡᠨᠡ ᠡᠯᠡᠰᠦ ᠪᠤᠷᠤᠬᠤᠳᠠ ᠪᠠᠯᠭᠠᠰᠤ ᠶᠢᠨ ᠮᠠᠵᠠᠢ ᠶᠢᠨ ᠠᠢᠯ ᠤ ᠬᠡᠪᠴᠢᠶᠡᠨ ᠳᠤ ᠪᠠᠢᠨ᠎ᠠ ᠃ ᠮᠠᠨ ᠤ ᠤᠯᠤᠰ ᠤᠨ ᠳᠥᠷᠪᠡᠨ ᠳᠠᠭᠤᠲᠤ ᠡᠯᠡᠰᠦ ᠶᠢᠨ ᠳᠤᠳᠤᠷᠠᠭᠢ ᠴᠤᠷ ᠤᠨ ᠭᠠᠭᠴᠠ ᠳᠤᠤᠭᠠᠷᠴᠤ ᠪᠠᠢᠭ᠎ᠠ ᠡᠯᠡᠰᠦ ᠮᠥᠨ ᠪᠥᠭᠡᠳ ᠵᠡᠭᠦᠨ ᠬᠣᠢᠲᠤ ᠣᠷᠤᠨ ᠳᠠᠬᠢ ᠴᠤᠷ ᠤᠨ ᠭᠠᠭᠴᠠ ᠳᠠᠭᠤᠲᠤ ᠡᠯᠡᠰᠦ ᠮᠥᠨ ᠃ 5᠎ ᠂ ᠯᠤᠤ ᠭᠠᠷᠤᠳᠢ ︱︱ ᠣᠩᠨᠢᠭᠤᠳ ᠬᠣᠰᠢᠭᠤᠨ ᠡᠴᠡ ᠰᠢᠷ᠎ᠠ ᠬᠠᠰ ᠯᠤᠤ ᠪᠠ ᠨᠣᠮᠢᠨ ᠬᠠᠰ ᠯᠤᠤ ᠢᠯᠡᠷᠡᠵᠦ ᠂ ᠸᠠᠭᠠᠷᠤᠨ ᠭᠠᠷᠤᠳᠢ ᠶᠢ ᠢᠯᠡᠷᠡᠭᠦᠯᠦᠭᠰᠡᠨ ᠶᠤᠮ ᠃ ᠣᠩᠨᠢᠭᠤᠳ ᠲᠤ ᠪᠠᠰᠠ ᠯᠤᠤ ᠭᠡᠯᠪᠡᠷᠢᠲᠠᠢ ᠠᠭᠤᠯᠠ ᠂ ᠭᠠᠷᠤᠳᠢ ᠬᠡᠯᠪᠡᠷᠢᠲᠡᠢ ᠲᠠᠬᠢᠯᠭᠠᠲᠤ ᠠᠭᠤᠯᠠ ᠤᠳ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )