ᠲᠡᠤᠭᠡ ᠰᠤᠶᠤᠯ
ᠣᠩᠨᠢᠭᠤᠳ ᠳᠡᠬᠢ ᠲᠠᠯ᠎ᠠ ᠨᠤᠲᠤᠭ ᠤᠨ ᠰᠣᠶᠤᠯ ᠤᠨ ᠲᠠᠪᠤᠨ ᠣᠷᠭᠢᠯ
2018.11.07 ᠲᠣᠰ ᠥᠷᠲᠡᠭᠡᠨ ᠦ ᠨᠠᠢᠷᠠᠭᠤᠯᠤᠭᠴᠢ
ᠣᠩᠨᠢᠭᠤᠳ ᠳᠡᠬᠢ ᠲᠠᠯ᠎ᠠ ᠨᠤᠲᠤᠭ ᠤᠨ ᠰᠣᠶᠤᠯ ᠤᠨ ᠲᠠᠪᠤᠨ ᠣᠷᠭᠢᠯ
              ‍᠎ ᠨᠠᠮᠲᠠᠢᠰᠦᠷᠦᠩ
        ᠤᠯᠠᠭᠠᠨᠬᠠᠳᠠ ᠰᠣᠶᠤᠯ ᠪᠣᠯ ᠰᠢᠨ᠎ᠡ ᠴᠢᠯᠠᠭᠤᠨ ᠵᠡᠪᠰᠡᠭ ᠤᠨ ᠦᠶ᠎ᠡ ᠂ ᠥᠭᠡᠷ᠎ᠡ ᠪᠠᠷ ᠬᠡᠯᠡᠪᠡᠯ ᠣᠳᠤ ᠡᠴᠡ 5500᠎ ᠵᠢᠯ ᠤᠨ ᠡᠮᠦᠨᠡᠬᠢ ᠰᠣᠶᠤᠯ ᠪᠣᠯᠤᠨ᠎ᠠ ᠃ ᠡᠨᠡ ᠰᠣᠶᠤᠯ ᠳᠤ ᠬᠠᠰ ᠯᠤᠤ ᠂ ᠪᠤᠳᠤᠭᠲᠤ ᠸᠠᠭᠠᠷ ᠂ ᠲᠠᠬᠢᠯᠭ᠎ᠠ ᠶᠢᠨ ᠪᠠᠭᠤᠷᠢ ᠵᠡᠷᠭᠡ ᠪᠠᠢᠳᠠᠭ ᠃ ᠡᠷᠳᠡᠮᠲᠡᠳ ᠡᠭᠦᠨ ᠢ ᠤᠯᠠᠭᠠᠨ ᠬᠠᠳᠠ ᠰᠣᠶᠤᠯ ᠤᠨ ᠨᠢᠭᠡᠳᠦᠭᠡᠷ ᠣᠷᠭᠢᠯ ᠭᠡᠵᠦ ᠦᠵᠡᠳᠡᠭ ᠃ ᠡᠨᠡ ᠰᠣᠶᠤᠯ ᠳᠤ ᠣᠩᠨᠢᠭᠤᠳ ᠤᠨ ᠱᠠᠩ ᠶᠣᠣ ᠶᠢᠨ ᠪᠠᠯᠠᠷ ᠡᠷᠲᠡᠨ ᠤ ᠬᠥᠮᠦᠨ ᠤ ᠰᠠᠭᠤᠵᠤ ᠪᠠᠢᠭᠰᠠᠨ ᠠᠭᠤᠢ ᠂ ᠡᠨᠳᠡ ᠡᠴᠡ ᠢᠯᠡᠷᠡᠭᠰᠡᠨ ᠬᠠᠰ ᠯᠤᠤ ᠂ ᠬᠠᠰ ᠡᠳ᠋ᠯᠡᠯ ᠂ ᠲᠠᠬᠢᠯᠭ᠎ᠠ ᠶᠢᠨ ᠪᠠᠭᠤᠷᠢ ᠪᠠᠭᠲᠠᠨ᠎ᠠ ᠃
      ᠣᠩᠨᠢᠭᠤᠳ ᠤᠨ ᠬᠠᠳᠠᠨ ᠵᠢᠷᠤᠭ ᠢ ᠰᠢᠨᠵᠢᠪᠡᠯ ᠲᠡᠷᠡ ᠨᠢ ᠠᠯᠢ ᠤᠯᠠᠨ ᠵᠦᠢᠯ ᠤᠨ ᠰᠡᠳᠭᠢᠴᠢᠯᠡᠭᠰᠡᠨ ᠳᠦᠷᠰᠦ ᠤᠳ ᠪᠣᠯᠤᠨ᠎ᠠ ᠃ ᠡᠳᠡᠭᠡᠷ ᠬᠠᠳᠠᠨ ᠵᠢᠷᠤᠭ ᠤᠨ ᠳᠣᠲᠤᠷ᠎ᠠ ᠬᠠᠮᠤᠭ ᠤᠨ ᠦᠨ᠎ᠡ ᠪᠡᠨ᠎ᠡ ᠲᠠᠢ ᠨᠢ ᠵᠠᠷᠠᠭ᠎ᠠ ᠶᠢᠨ ᠤᠪᠤᠭ᠎ᠠ ᠠᠭᠤᠯᠠ ᠶᠢᠨ ᠬᠠᠳᠠᠨ ᠵᠢᠷᠤᠭ ᠪᠣᠯᠤᠨ᠎ᠠ ᠃ ᠴᠢᠩ ᠤᠯᠤᠰ ᠤᠨ ᠦᠶ᠎ᠡ ᠳᠤ ᠣᠩᠨᠢᠭᠤᠳ ᠸᠠᠩ ᠡᠴᠡ ᠡᠨᠡ ᠠᠭᠤᠯᠠᠨ ᠳᠡᠭᠡᠷ᠎ᠡ ᠨᠢᠭᠡ ᠵᠢᠵᠢᠭ᠌ ᠴᠠᠭᠠᠨ ᠰᠦᠮ᠎ᠡ ᠪᠠᠷᠢᠭᠤᠯᠤᠭᠰᠠᠨ ᠢᠶᠠᠷ ᠬᠥᠮᠦᠰ ᠪᠠᠰᠠ ᠡᠨᠡ ᠠᠭᠤᠯᠠ ᠶᠢ ᠴᠠᠭᠠᠨ ᠰᠦᠮ᠎ᠡ ᠶᠢᠨ ᠠᠭᠤᠯᠠ ᠭᠡᠳᠡᠭ ᠃ ᠳᠡᠭᠡᠷᠡᠬᠢ ᠪᠣᠯ ᠣᠩᠨᠢᠭᠤᠳ ᠳᠡᠬᠢ ᠲᠠᠯ᠎ᠠ ᠨᠤᠲᠤᠭ ᠤᠨ ᠰᠣᠶᠤᠯ ᠤᠨ ᠨᠢᠭᠡᠳᠦᠭᠡᠷ ᠣᠷᠭᠢᠯ ᠮᠥᠨ ᠭᠡᠵᠦ ᠪᠢ ᠦᠵᠡᠵᠦ ᠪᠠᠢᠨ᠎ᠠ ᠃
      ᠬᠢᠳᠠᠨ ᠰᠣᠶᠤᠯ ᠪᠣᠯ ᠣᠩᠨᠢᠭᠤᠳ ᠳᠡᠬᠢ ᠲᠠᠯ᠎ᠠ ᠨᠤᠲᠤᠭ ᠤᠨ ᠰᠣᠶᠤᠯ ᠤᠨ ᠬᠣᠶᠠᠳᠤᠭᠠᠷ ᠣᠷᠭᠢᠯ ᠪᠣᠯᠪᠠᠯ ᠲᠠᠭᠠᠷᠠᠨ᠎ᠠ ᠃ ᠣᠩᠨᠢᠭᠤᠳ ᠲᠤ ᠬᠢᠳᠠᠨ ᠤ ᠮᠦ ᠶᠧ ᠱᠠᠨ ᠠᠭᠤᠯᠠ ᠂ ᠶᠦᠩ ᠵᠧᠦ ᠬᠤᠳᠠ ᠶᠢᠨ ᠪᠠᠭᠤᠷᠢ ᠵᠡᠷᠭᠡ ᠬᠤᠳᠠ ᠲᠣᠰᠭᠤᠨ ᠪᠠ ᠰᠦᠮ᠎ᠡ  ᠶᠢᠨ ᠪᠠᠭᠤᠷᠢ ᠪᠤᠯᠤᠨ ᠣᠩᠭᠤᠨ ᠪᠤᠯᠠᠰᠢ ᠪᠠᠢᠳᠠᠭ ᠃
       ᠶᠤᠸᠠᠨ ᠤ ᠰᠣᠶᠤᠯ ᠳᠡᠬᠢ ᠬᠣᠩᠭᠢᠷᠠᠳ ᠰᠣᠶᠤᠯ ᠪᠣᠯ ᠣᠩᠨᠢᠭᠤᠳ ᠰᠣᠶᠤᠯ ᠤᠨ ᠭᠢᠯᠠᠯᠵᠠᠭᠰᠠᠨ ᠴᠠᠭ ᠦᠶ᠎ᠡ ᠮᠥᠨ ᠃ ᠡᠨᠡ ᠴᠠᠭ ᠦᠶ᠎ᠡ ᠶᠢ ᠣᠩᠨᠢᠭᠤᠳ ᠳᠡᠬᠢ ᠲᠠᠯ᠎ᠠ ᠨᠤᠲᠤᠭ ᠤᠨ ᠰᠣᠶᠤᠯ ᠤᠨ ᠭᠤᠷᠪᠠᠳᠤᠭᠠᠷ ᠣᠷᠭᠢᠯ ᠮᠥᠨ ᠭᠡᠵᠦ ᠪᠢ ᠦᠵᠡᠨ᠎ᠡ ᠃ ᠡᠨᠳᠡ ᠬᠣᠩᠭᠢᠷᠠᠳ ᠠᠢᠮᠠᠭ ᠤᠨ ᠴᠢᠤᠸᠠᠨ ᠨᠢᠩ ᠴᠦᠯᠭᠡ ᠶᠢᠨ ᠯᠦ ᠸᠠᠩ ᠤᠨ ᠬᠤᠳᠠ ᠶᠢᠨ ᠪᠠᠭᠤᠷᠢ ᠂ ᠴᠢᠤᠸᠠᠨ ᠨᠢᠩ ᠰᠢᠶᠠᠨ ᠤᠨ ᠪᠠᠭᠤᠷᠢ ᠂ ᠶᠤᠸᠠᠨ ᠤᠯᠤᠰ ᠤᠨ ᠭᠦᠷᠦᠨ ᠢᠶᠠᠷ ᠬᠠᠮᠠᠭᠠᠯᠠᠬᠤ ᠰᠦᠮ᠎ᠡ ᠶᠢᠨ ᠪᠠᠭᠤᠷᠢ ᠂ ᠯᠦ ᠸᠠᠩ ᠤᠨ ᠭᠡᠷ ᠠᠢᠮᠠᠭ ᠤᠨ ᠲᠠᠬᠢᠳᠠᠭ ᠭᠠᠷᠤᠳᠢ ᠠᠭᠤᠯᠠ ᠂ ᠴᠢᠤᠸᠠᠨ ᠨᠢᠩ ᠬᠠᠷᠠᠭᠤᠯ ᠪᠠ ᠳᠤᠶᠠᠨ ᠬᠠᠷᠠᠭᠤᠯ ᠤᠨ ᠬᠤᠳᠠ ᠶᠢᠨ ᠪᠠᠭᠤᠷᠢ ᠂ ᠶᠤᠸᠠᠨ ᠤᠯᠤᠰ ᠶᠢᠨ ᠵᠢᠢ ᠭᠦᠸᠧ ᠭᠦᠩ ᠵᠠᠩ ᠶᠢᠩ ᠷᠦᠢ ᠶᠢᠨ ᠣᠩᠭᠤᠨ ᠂ ᠵᠦ ᠸᠧᠨ ᠲᠠᠢ ᠶᠢᠨ ᠣᠩᠭᠤᠨ ᠤ ᠬᠥᠰᠢᠶ᠎ᠡ ᠂ ᠡᠭᠴᠢᠮᠡᠳ ᠭᠦᠩᠵᠦ ᠡᠴᠡ ᠺᠦᠩᠽᠢ ᠶᠢᠨ ᠰᠤᠷᠭᠠᠭᠤᠯᠢ ᠶᠢ ᠳᠠᠭᠢᠨ ᠪᠠᠢᠭᠤᠯᠤᠭᠰᠠᠨ ᠬᠥᠰᠢᠶ᠎ᠡ ᠵᠡᠷᠭᠡ ᠤᠳ ᠢᠯᠡᠷᠡᠭᠰᠡᠨ ᠶᠤᠮ ᠃ ᠴᠢᠩ ᠤᠯᠤᠰ ᠤᠨ ᠦᠶ᠎ᠡ ᠶᠢᠨ ᠪᠤᠷᠬᠠᠨ ᠱᠠᠰᠢᠨ ᠤ ᠰᠣᠶᠤᠯ ᠪᠣᠯ ᠣᠩᠨᠢᠭᠤᠳ  ᠳᠡᠬᠢ ᠲᠠᠯ᠎ᠠ ᠨᠤᠲᠤᠭ ᠤᠨ ᠰᠣᠶᠤᠯ ᠤᠨ ᠳᠥᠷᠪᠡᠳᠦᠭᠡᠷ ᠣᠷᠭᠢᠯ ᠪᠣᠯᠪᠠᠯ ᠲᠠᠭᠠᠷᠠᠨ᠎ᠠ ᠃ ᠠᠤᠬᠠᠨ ᠵᠡᠭᠦᠨ ᠬᠣᠰᠢᠭᠤ ᠪᠠ ᠪᠤᠷᠤᠬᠤᠳᠠ ᠰᠢᠶᠠᠨ ᠤ ᠬᠡᠪᠴᠢᠶ᠎ᠡ ᠶᠢ ᠪᠠᠭᠲᠠᠭᠠᠬᠤ ᠦᠭᠡᠢ ᠂ ᠵᠥᠪᠬᠡᠨ ᠤᠤᠯ ᠤᠨ ᠣᠩᠨᠢᠭᠤᠳ ᠵᠡᠭᠦᠨ ᠭᠠᠷᠤᠨ ᠬᠣᠰᠢᠭᠤᠨ ᠤ ᠭᠠᠵᠠᠷ ᠤᠨ ᠬᠡᠪᠴᠢᠶ᠎ᠡ  ᠳᠤ ᠴᠢᠩ ᠤᠯᠤᠰ ᠤᠨ ᠦᠶ᠎ᠡ ᠳᠤ ᠪᠠᠢᠭᠤᠯᠤᠭᠰᠠᠨ ᠰᠢᠷ᠎ᠠ ᠶᠢᠨ ᠱᠠᠰᠢᠨ ᠤ ᠰᠦᠮ᠎ᠡ ᠬᠡᠢᠳ ᠨᠡᠢᠲᠡ ᠠᠷᠪᠠᠨ ᠭᠤᠷᠪᠠ ᠪᠠᠢᠳᠠᠭ ᠃ ᠴᠠᠭᠠᠨ ᠰᠦᠮ᠎ᠡ ᠠᠳᠠᠯᠢ ᠵᠢᠵᠢᠭ᠌ ᠰᠦᠮ᠎ᠡ ᠪᠠ ᠯᠠᠮᠠ ᠨᠠᠷ ᠤᠨ ᠨᠣᠮ ᠪᠠᠰᠢᠯᠭᠠᠵᠤ ᠰᠠᠭᠤᠵᠤ ᠪᠠᠢᠭᠰᠠᠨ ᠠᠭᠤᠢ ᠴᠣᠬᠤᠮ ᠬᠡᠳᠦᠢ ᠪᠠᠢᠭᠰᠠᠨ ᠢ ᠪᠢ ᠮᠡᠳᠡᠬᠦ ᠦᠭᠡᠢ ᠃ ᠰᠣᠨᠤᠰᠬᠤᠯ᠎ᠠ ᠵᠢᠷᠦᠬᠡ ᠠᠭᠤᠯᠠ ᠶᠢᠨ ᠠᠭᠤᠢ ᠂ ᠬᠣᠳᠤᠭᠤᠳᠤ ᠶᠢᠨ ᠠᠭᠤᠯᠠ ᠶᠢᠨ ᠠᠭᠤᠢ ᠂ ᠠᠯᠠᠭ ᠠᠭᠤᠯᠠ ᠶᠢᠨ ᠠᠭᠤᠢᠲᠤ ᠪᠣᠯ ᠪᠦᠷ ᠰᠢᠷ᠎ᠠ ᠶᠢᠨ ᠱᠠᠰᠢᠨ ᠠᠩᠬ᠎ᠠ ᠣᠷᠤᠵᠤ ᠢᠷᠡᠬᠦ ᠦᠶ᠎ᠡ ᠶᠢᠨ ᠯᠠᠮᠠ ᠨᠠᠷ ᠤᠨ ᠨᠣᠮ ᠪᠠᠰᠢᠯᠭᠠᠵᠤ ᠪᠠᠢᠭᠰᠠᠨ ᠭᠠᠵᠠᠷ ᠭᠡᠨ᠎ᠡ ᠃ ᠳ᠋ᠦ᠋ ᠵᠢᠶᠠ ᠳ᠋ᠢ ᠳᠡᠬᠢ ᠡᠯ ᠲᠠᠩ ᠰᠧ ᠲᠣᠰᠭᠤᠨ  ᠤ ᠬᠠᠳᠠᠨ ᠳᠡᠭᠡᠷᠡᠬᠢ ᠡᠷᠲᠡᠨ ᠤ ᠮᠣᠩᠭᠤᠯ ᠦᠰᠦᠭ ᠪᠣᠯ ᠰᠢᠷ᠎ᠠ ᠶᠢᠨ ᠱᠠᠰᠢᠨ ᠡᠬᠢᠯᠡᠵᠦ ᠣᠷᠤᠵᠤ ᠢᠷᠡᠬᠦ ᠦᠶ᠎ᠡ ᠶᠢᠨ ᠬᠠᠳᠠᠨ ᠪᠢᠴᠢᠭ᠌ ᠪᠣᠯᠤᠨ᠎ᠠ ᠃ ᠱᠠᠵᠢᠨ ᠦᠨᠳᠦᠰᠦᠨ ᠰᠦᠮ᠎ᠡ ᠪᠣᠯ ᠱᠠᠰᠢᠨ ᠰᠣᠶᠤᠯ ᠤᠨ ᠭᠣᠣᠯ ᠲᠥᠪ ᠮᠥᠨ ᠃ ᠣᠩᠨᠢᠭᠤᠳ ᠲᠤ ᠰᠢᠷ᠎ᠠ ᠶᠢᠨ ᠱᠠᠰᠢᠨ ᠤ ᠦᠯᠢᠭᠡᠷ ᠳᠣᠮᠤᠭ ᠲᠤᠩ ᠤᠯᠠᠨ ᠪᠠᠢᠳᠠᠭ ᠃
      ᠣᠷᠴᠢᠨ ᠦᠶ᠎ᠡ ᠶᠢᠨ ᠰᠣᠶᠤᠯ ᠂ ᠴᠢᠯᠦᠭᠡᠯᠡᠭᠳᠡᠬᠦ ᠡᠴᠡ ᠡᠮᠦᠨ᠎ᠡ ᠬᠣᠢᠨᠠᠬᠢ ᠣᠩᠨᠢᠭᠤᠳ ᠰᠣᠶᠤᠯ ᠪᠣᠯ ᠣᠩᠨᠢᠭᠤᠳ ᠤᠨ ᠲᠠᠯ᠎ᠠ ᠨᠤᠲᠤᠭ ᠤᠨ ᠰᠣᠶᠤᠯ ᠤᠨ ᠲᠠᠪᠤᠳᠤᠭᠠᠷ ᠣᠷᠭᠢᠯ ᠪᠣᠯᠬᠤ ᠶᠣᠰᠤᠲᠠᠢ ᠃ ᠡᠨᠡ ᠰᠣᠶᠤᠯ ᠳᠤ ᠣᠷᠴᠢᠨ ᠦᠶ᠎ᠡ ᠶᠢᠨ ᠣᠩᠨᠢᠭᠤᠳ ᠤᠨ ᠨᠡᠷ᠎ᠡ ᠴᠤᠤᠲᠤ ᠬᠥᠮᠦᠰ ᠤᠨ ᠦᠯᠢᠭᠡᠷ ᠳᠣᠮᠤᠭ ᠂ ᠴᠢᠯᠦᠭᠡᠯᠡᠭᠳᠡᠬᠦ ᠦᠶ᠎ᠡ ᠶᠢᠨ ᠲᠠᠢᠨ ᠪᠠᠢᠯᠳᠤᠭᠠᠨ ᠤ ᠦᠯᠢᠭᠡᠷ ᠲᠡᠦᠬᠡ ᠂ ᠠᠷᠠᠳ ᠤᠨ ᠳᠠᠭᠤᠤ ᠂ ᠡᠨᠡ ᠦᠶ᠎ᠡ ᠶᠢᠨ ᠠᠵᠤ ᠠᠬᠤᠢ ᠂ ᠰᠣᠶᠤᠯ ᠰᠤᠷᠭᠠᠨ ᠬᠥᠮᠦᠵᠢᠯ ᠤᠨ ᠲᠡᠦᠬᠡ ᠂ ᠴᠡᠷᠢᠭ ᠲᠠᠢᠨ ᠤ ᠲᠡᠦᠬᠡ ᠵᠡᠷᠭᠡ ᠪᠠᠭᠲᠠᠨ᠎ᠠ ᠃
      ᠣᠩᠨᠢᠭᠤᠳ ᠰᠣᠶᠤᠯ ᠪᠣᠯ ᠲᠠᠯ᠎ᠠ ᠨᠤᠲᠤᠭ ᠤᠨ ᠰᠣᠶᠤᠯ ᠪᠣᠯᠤᠨ᠎ᠠ ᠃ ᠣᠩᠨᠢᠭᠤᠳ ᠰᠣᠶᠤᠯ ᠢ ᠬᠢᠳᠠᠨ ᠰᠣᠶᠤᠯ ᠭᠡᠬᠦ ᠨᠢ ᠵᠣᠬᠢᠰ ᠦᠭᠡᠢ ᠶᠤᠮ ᠃ ᠵᠠᠷᠢᠮ ᠬᠢᠲᠠᠳ ᠳᠠᠷᠤᠭ᠎ᠠ  ᠨᠠᠷ ᠣᠩᠨᠢᠭᠤᠳ ᠰᠣᠶᠤᠯ ᠢ ᠬᠠᠰ ᠯᠤᠤ ᠶᠢᠨ ᠰᠣᠶᠤᠯ ᠭᠡᠵᠦ ᠮᠤᠰᠢᠭᠤ ᠪᠠᠷ ᠬᠡᠯᠡᠵᠦ ᠪᠠᠢᠨ᠎ᠠ ᠃ ᠡᠨᠡ ᠪᠣᠯ ᠨᠡᠩ ᠪᠤᠷᠤᠭᠤ ᠶᠤᠮ ᠃ ᠤᠴᠠᠷ ᠨᠢ ᠬᠠᠰ ᠯᠤᠤ ᠨᠢ ᠭᠠᠭᠴᠠ ᠣᠩᠨᠢᠭᠤᠳ ᠤᠨ ᠪᠦᠲᠦᠭᠡᠭᠳᠡᠬᠦᠨ ᠪᠢᠰᠢ ᠃ ᠬᠠᠰ ᠯᠤᠤ ᠪᠣᠯ ᠰᠠᠮᠠᠨ ᠱᠠᠰᠢᠨ ᠢ ᠰᠢᠲᠦᠳᠡᠭ ᠦᠨᠳᠦᠰᠦᠲᠡᠨ ᠤᠭᠰᠠᠭᠠᠲᠠᠨ ᠪᠦᠬᠦᠨ ᠤ ᠶᠠᠭᠤᠮ᠎ᠠ ᠮᠥᠨ ᠃ ᠴᠢᠨᠦ ᠣᠩᠨᠢᠭᠤᠳ ᠭᠠᠭᠴᠠ ᠪᠠᠷ ᠡᠵᠡᠷᠭᠡᠵᠤ ᠪᠣᠯᠬᠤ ᠦᠭᠡᠢ ᠶᠤᠮ ᠃ ᠯᠤᠤ ᠪᠣᠯ ᠬᠠᠭᠠᠨ ᠡᠵᠡᠨ ᠢ ᠲᠦᠯᠦᠭᠡᠯᠡᠵᠤ ᠪᠠᠢᠳᠠᠭ ᠃ ᠯᠤᠤ ᠶᠢ ᠬᠡᠳᠦᠷᠭᠡᠢ ᠡᠷᠭᠦᠮᠵᠢᠯᠡᠬᠦ ᠨᠢ ᠭᠡᠳᠡᠷᠭᠦ ᠪᠠᠨ ᠪᠤᠰᠤᠳ ᠲᠤ ᠪᠤᠷᠤᠭᠤ ᠣᠢᠯᠭᠠᠯᠲᠠ ᠥᠭᠴᠦ ᠮᠡᠳᠡᠨ᠎ᠡ ᠃ ᠲᠠᠯ᠎ᠠ ᠨᠤᠲᠤᠭ ᠤᠨ ᠰᠣᠶᠤᠯ ᠭᠡᠪᠡᠯ ᠡᠨᠳᠡ ᠠᠮᠢᠳᠤᠷᠠᠨ ᠣᠷᠤᠰᠢᠵᠤ ᠪᠠᠢᠭᠰᠠᠨ ᠦᠨᠳᠦᠰᠦᠲᠡᠨ ᠤᠭᠰᠠᠭᠠᠲᠠᠨ ᠪᠦᠬᠦᠨ ᠬᠦᠯᠢᠶᠡᠨ ᠠᠪᠴᠤ ᠵᠥᠪᠰᠢᠶᠡᠷᠡᠬᠦ ᠶᠤᠮ ᠃ ᠬᠢᠳᠠᠨ ᠦᠨᠳᠦᠰᠦᠲᠡᠨ ᠪᠣᠯ ᠰᠢᠶᠠᠨᠪᠢ ᠬᠥᠮᠦᠨ ᠤ ᠰᠠᠯᠪᠤᠷᠢ ᠂ ᠮᠥᠨ ᠴᠤ ᠮᠣᠩᠭᠤᠯ ᠬᠥᠮᠦᠨ ᠤ ᠲᠥᠷᠦᠯ ᠤᠭᠰᠠᠭ᠎ᠠ ᠮᠥᠨ ᠃ ᠬᠢᠳᠠᠨᠴᠤᠳ ᠭᠢᠯᠠᠯᠵᠠᠭᠰᠠᠨ ᠲᠡᠦᠬᠡ ᠲᠠᠢ ᠪᠣᠯᠪᠠᠴᠤ ᠨᠢᠭᠡᠨᠲᠡ ᠦᠨᠳᠦᠰᠦᠲᠡᠨ ᠨᠢ ᠤᠰᠠᠳᠴᠤ ᠠᠷᠢᠯᠤᠭᠰᠠᠨ ᠪᠣᠯᠬᠣᠷ ᠲᠡᠭᠦᠨ ᠤᠨ ᠰᠣᠶᠤᠯ ᠢ ᠳᠠᠭᠢᠨ ᠠᠭᠤᠳᠠᠯᠠᠵᠤ ᠭᠠᠷᠭᠠᠬᠤ ᠳᠤ ᠭᠦᠴᠡᠷ ᠪᠣᠯᠤᠭᠰᠠᠨ ᠪᠠᠢᠨ᠎ᠠ ᠃ ᠮᠣᠩᠭᠤᠯ ᠰᠣᠶᠤᠯ ᠪᠣᠯ ᠠᠮᠢᠳᠤ ᠰᠣᠶᠤᠯ ᠂ ᠣᠳᠤ ᠪᠣᠯᠲᠠᠯ᠎ᠠ ᠭᠡᠷᠡᠭᠵᠢᠭᠦᠯᠵᠤ ᠪᠠᠢᠭ᠎ᠠ ᠰᠣᠶᠤᠯ ᠪᠣᠯᠤᠨ᠎ᠠ ᠃ ᠦᠨᠳᠦᠰᠦᠲᠡᠨ ᠤ ᠥᠪᠡᠷᠲᠡᠭᠡᠨ ᠵᠠᠰᠠᠬᠤ ᠣᠷᠤᠨ ᠳᠠᠭᠠᠨ ᠥᠪᠡᠷ ᠤᠨ ᠰᠣᠶᠤᠯ ᠢᠶᠠᠨ ᠬᠥᠭᠵᠢᠭᠦᠯᠬᠦ ᠦᠭᠡᠢ ᠂ ᠦᠬᠦᠭᠰᠡᠨ ᠰᠣᠶᠤᠯ ᠢ ᠰᠡᠷᠭᠦᠭᠡᠨ ᠬᠥᠭᠵᠢᠭᠦᠯᠬᠦ ᠭᠡᠳᠡᠭ ᠴᠢᠨᠢ ᠢᠨᠢᠶᠡᠳᠦᠮ ᠲᠠᠢ ᠪᠢᠰᠢ ᠤᠤ ︖ ᠡᠢᠮᠦ ᠬᠥᠮᠦᠰ ᠠᠯᠤᠰ ᠴᠠᠭᠠᠨ᠎ᠠ ᠪᠠᠨ ᠴᠣᠬᠤᠮ ᠶᠠᠭᠤ ᠤᠬᠠᠭᠠᠯᠠᠵᠤ ᠪᠠᠢᠬᠤ ᠶᠢ ᠪᠤᠤ ᠮᠡᠳᠡ ︖ ︕

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )