ᠭᠡᠷ ᠤᠨ ᠠᠬᠠᠮᠠᠳ ᠤᠨ ᠰᠤᠷᠭᠠᠭᠤᠯᠢ
ᠡᠴᠢᠭᠡ ᠡᠭᠡ ᠶᠢᠨ ᠮᠠᠭᠤ ᠳᠠᠳᠭᠠᠯ ᠢ ᠬᠡᠦᠬᠡᠳ ᠠᠮᠠᠷᠬᠠᠨ ᠳᠠᠭᠤᠷᠢᠶᠠᠨ᠎ᠠ
2017.10.20 ᠲᠣᠰ ᠥᠷᠲᠡᠭᠡᠨ ᠦ ᠨᠠᠢᠷᠠᠭᠤᠯᠤᠭᠴᠢ


      1. ᠥᠪᠡᠷ ᠢᠶᠠᠨ ᠠᠷᠪᠢᠯᠠᠨ ᠭᠠᠮᠨᠠᠵᠤ ᠂ ᠬᠡᠦᠬᠡᠳ ᠲᠡᠭᠡᠨ ᠬᠠᠢᠷ᠎ᠠ ᠨᠠᠢᠷ ᠦᠭᠡᠢ ᠵᠠᠷᠤᠴᠠᠭᠤᠯᠬᠤ ᠮᠠᠭᠤ ᠲᠠᠯ᠎ᠠ ᠨᠢ ᠄ ᠬᠡᠦᠬᠡᠳ ᠢ ᠪᠦᠷᠢᠯᠭᠡᠨ ᠰᠦᠢᠳᠭᠡᠬᠦ ᠂ ᠠᠴᠢ ᠡᠯᠪᠡᠷᠢᠯ ᠦᠭᠡᠢ ᠪᠠ ᠬᠦᠴᠦ ᠬᠥᠯᠦᠰᠦ ᠭᠠᠷᠭᠠᠬᠤ ᠳᠤᠷ᠎ᠠ ᠦᠭᠡᠢ ᠂ ᠡᠳ᠋ ᠬᠥᠷᠦᠩᠭᠡ ᠳᠤ ᠪᠣᠯᠤᠭᠰᠠᠨ ᠦᠵᠡᠯ ᠤᠬᠠᠮᠰᠠᠷ ᠦᠭᠡᠢ ᠪᠣᠯᠭᠠᠳᠠᠭ ᠃ ᠥᠭᠡᠷᠡᠴᠢᠯᠡᠬᠦ ᠠᠷᠭ᠎ᠠ ᠄ ᠬᠡᠦᠬᠡᠳ ᠲᠤ ᠡᠳ᠋ ᠬᠥᠷᠦᠩᠭᠡ ᠶᠢᠨ ᠲᠤᠬᠠᠢ ᠦᠵᠡᠯᠲᠡ ᠶᠢ ᠪᠠᠭ᠎ᠠ ᠡᠴᠡ ᠨᠢ ᠪᠤᠢ ᠪᠣᠯᠭᠠᠵᠤ ᠂ ᠠᠴᠢ ᠡᠯᠪᠡᠷᠢᠯ ᠭᠦᠢᠴᠡᠳᠭᠡᠬᠦ ᠰᠡᠳᠭᠢᠯᠭᠡ ᠲᠠᠢ ᠪᠠ ᠠᠷᠪᠢᠯᠠᠨ ᠭᠠᠮᠨᠠᠬᠤ ᠶᠢᠨ ᠶᠣᠰᠤ ᠤᠴᠢᠷ ᠢ ᠬᠡᠯᠡᠵᠦ ᠮᠡᠳᠡᠭᠦᠯᠪᠡᠯ ᠬᠡᠦᠬᠡᠳ ᠲᠤ ᠰᠠᠶᠢᠨ ᠬᠥᠮᠦᠵᠢᠯ ᠪᠣᠯᠳᠠᠭ ᠃

      2. ᠶᠣᠰᠤ ᠮᠤᠷᠠᠯ ᠦᠭᠡᠢ ᠪᠠᠢᠬᠤ ᠬᠣᠣᠷᠲᠠᠢ ᠲᠠᠯ᠎ᠠ ᠨᠢ ᠄ ᠶᠠᠭᠤ ᠦᠵᠡᠪᠡᠯ ᠶᠠᠭᠤ ᠪᠠᠨ ᠳᠠᠭᠤᠷᠢᠶᠠᠵᠤ ᠂ ᠶᠣᠰᠤ ᠮᠤᠷᠠᠯ ᠦᠭᠡᠢ ᠦᠭᠡ ᠬᠡᠯᠡ ᠦᠢᠯᠡ ᠠᠵᠢᠯᠯᠠᠭ᠎ᠠ ᠲᠠᠢ ᠪᠣᠯ ᠲᠡᠭᠦᠨ ᠢ ᠰᠤᠷᠳᠠᠭ ᠪᠣᠯᠬᠣᠷ ᠬᠥᠮᠦᠰ ᠤᠨ ᠬᠠᠷᠢᠯᠴᠠᠭᠠᠨ ᠤ ᠲᠠᠯ᠎ᠠ ᠪᠠᠷ ᠴᠤ ᠪᠣᠯᠤᠭ ᠡᠰᠡᠬᠦᠯ᠎ᠡ ᠰᠤᠷᠤᠯᠴᠠᠯᠭ᠎ᠠ ᠂ ᠠᠵᠢᠯ ᠦᠢᠯᠡᠰ ᠵᠡᠷᠭᠡ ᠲᠠᠯ᠎ᠠ ᠪᠠᠷ ᠪᠦᠷ ᠰᠠᠭᠠᠳ ᠬᠠᠷᠰᠢ ᠲᠠᠢ ᠪᠣᠯᠳᠠᠭ ᠃ ᠥᠭᠡᠷᠡᠴᠢᠯᠡᠬᠦ ᠠᠷᠭ᠎ᠠ ᠄ ᠥᠪᠡᠷ ᠤᠨ ᠦᠭᠡ ᠬᠡᠯᠡ ᠦᠢᠯᠡ ᠠᠵᠢᠯᠯᠠᠭ᠎ᠠ ᠪᠠᠨ ᠭᠢᠨᠡᠨ ᠦᠵᠡᠵᠦ ᠂ ᠪᠣᠯᠪᠠᠰᠤᠨ ᠶᠣᠰᠤ ᠮᠤᠷᠠᠯ ᠢ ᠡᠷᠬᠢᠮᠯᠡᠳᠡᠭ ᠬᠥᠮᠦᠨ ᠪᠣᠯᠬᠤ ᠪᠠᠷ ᠴᠢᠷᠮᠠᠢᠬᠤ ᠬᠡᠷᠡᠭᠲᠡᠢ ᠃

      3. ᠨᠢᠯᠬ᠎ᠠ ᠬᠡᠦᠬᠡᠳ ᠢᠶᠠᠨ ᠠᠪᠴᠤ ᠪᠦᠳᠦᠭᠦᠨ ᠬᠥᠮᠦᠨ ᠤ ᠺᠢᠨᠤ᠋ ᠵᠦᠴᠦᠭᠡ ᠦᠵᠡᠬᠦ ᠬᠣᠣᠷᠲᠠᠢ ᠲᠠᠯ᠎ᠠ ᠨᠢ ᠄ ᠲᠧᠯᠸᠢᠰ ᠤᠨ ᠠᠷᠪᠢᠨ ᠤᠯᠠᠨ ᠲᠣᠭᠯᠠᠯᠲᠠ ᠨᠢ ᠬᠡᠦᠬᠡᠳ ᠦᠵᠡᠬᠦ ᠳᠤ ᠲᠠᠭᠠᠷᠠᠬᠤ ᠦᠭᠡᠢ ᠪᠣᠯᠬᠣᠷ ᠬᠡᠦᠬᠡᠳ ᠲᠤ ᠪᠤᠷᠤᠭᠤ ᠲᠠᠨᠢᠯᠲᠠ ᠶᠢ ᠪᠤᠢ ᠪᠣᠯᠭᠠᠳᠠᠭ ᠃ ᠥᠭᠡᠷᠡᠴᠢᠯᠡᠬᠦ ᠠᠷᠭ᠎ᠠ ᠄ ᠬᠡᠦᠬᠡᠳ ᠤᠨ ᠬᠥᠭᠵᠢᠯᠲᠡ ᠶᠢᠨ ᠱᠠᠲᠤ ᠳᠤ ᠵᠣᠬᠢᠴᠠᠬᠤ ᠂ ᠡᠷᠡᠭᠦᠯ ᠰᠠᠷᠠᠭᠤᠯ ᠠᠭᠤᠯᠭ᠎ᠠ ᠲᠠᠢ ᠲᠣᠭᠯᠠᠯᠲᠠ ᠦᠵᠡᠬᠦ ᠬᠡᠷᠡᠭᠲᠡᠢ ᠂ ᠭᠡᠬᠦ ᠳᠡᠭᠡᠨ ᠴᠠᠭ ᠤᠨ ᠬᠢᠵᠠᠭᠠᠷ ᠢ ᠴᠢᠩᠭ᠎ᠠ ᠪᠠᠷᠢᠮᠲᠠᠯᠠᠬᠤ ᠬᠡᠷᠡᠭᠲᠡᠢ ᠃

      4. ᠥᠪᠡᠷ ᠤᠨ ᠬᠡᠦᠬᠡᠳ ᠢᠶᠠᠨ ᠪᠤᠰᠤᠳ ᠲᠠᠢ ᠬᠠᠷᠢᠴᠠᠭᠤᠯᠤᠭᠠᠳ ᠪᠠᠢᠬᠤ ᠬᠣᠣᠷᠲᠠᠢ ᠲᠠᠯ᠎ᠠ ᠨᠢ ᠄ ᠬᠡᠦᠬᠡᠳ ᠢ ᠭᠤᠤᠨᠢᠳᠠᠵᠤ ᠪᠠᠭᠤᠷᠠᠭᠰᠠᠨ ᠰᠡᠳᠭᠢᠯᠭᠡ ᠲᠠᠢ ᠪᠣᠯᠭᠠᠵᠤ ᠂ ᠠᠮᠠᠷᠬᠠᠨ ᠭᠠᠳᠠᠷ ᠲᠠᠯ᠎ᠠ ᠶᠢᠨ ᠨᠥᠯᠦᠭᠡ ᠳᠤ ᠠᠪᠲᠠᠭᠳᠠᠵᠤ ᠂ ᠢᠲᠡᠭᠡᠯ ᠦᠭᠡᠢ ᠪᠣᠯᠬᠤ ᠂ ᠪᠡᠶ᠎ᠡ ᠪᠠᠨ ᠭᠣᠯᠤᠬᠤ ᠰᠡᠳᠭᠢᠯᠭᠡ ᠲᠠᠢ ᠪᠣᠯᠭᠠᠳᠠᠭ ᠃ ᠥᠭᠡᠷᠡᠴᠢᠯᠡᠬᠦ ᠠᠷᠭ᠎ᠠ ᠄ ᠬᠡᠦᠬᠡᠳ ᠢ ᠴᠢᠯᠦᠭᠡᠲᠡᠢ ᠪᠠᠷ ᠬᠥᠭᠵᠢᠬᠦ ᠳᠤ ᠵᠢᠯᠤᠭᠤᠳᠴᠤ ᠂ ᠬᠤᠶᠢᠷᠭᠤ ᠤᠬᠤᠷᠢᠬᠤ ᠵᠡᠷᠭᠡ ᠨᠠᠵᠠᠭᠠᠢ ᠪᠠᠢᠳᠠᠯ ᠢᠯᠡᠷᠡᠬᠦ ᠦᠭᠡᠢ ᠪᠣᠯ ᠰᠠᠨᠠᠭᠠᠰᠢᠷᠠᠬᠤ ᠬᠡᠷᠡᠭ ᠦᠭᠡᠢ ᠃

       5. ᠬᠡᠦᠬᠡᠳ ᠢ ᠬᠡᠲᠦᠷᠬᠡᠢ ᠬᠠᠢᠷᠠᠯᠠᠨ ᠬᠠᠮᠠᠭᠠᠯᠠᠬᠤ ᠬᠣᠣᠷᠲᠠᠢ ᠲᠠᠯ᠎ᠠ ᠨᠢ ᠄ ᠢᠩᠭᠢᠬᠦ ᠨᠢ ᠪᠤᠲᠠᠳᠤ ᠬᠡᠷᠡᠭ ᠤᠨ ᠳᠡᠭᠡᠷ᠎ᠡ ᠬᠡᠦᠬᠡᠳ ᠤᠨ ᠢᠶᠠᠨ ᠴᠢᠯᠦᠭᠡ ᠲᠠᠢ ᠪᠠᠷ ᠰᠤᠷᠤᠯᠴᠠᠬᠤ ᠵᠠᠪ ᠲᠣᠬᠢᠶᠠᠯ ᠢ ᠪᠤᠯᠢᠶᠠᠵᠤ ᠂ ᠬᠡᠦᠬᠡᠳ ᠥᠪᠡᠷ ᠢᠶᠠᠨ ᠬᠠᠲᠠᠭᠤᠵᠢᠨ ᠪᠣᠯᠪᠠᠰᠤᠷᠠᠵᠤ ᠂ ᠥᠪᠡᠷ ᠤᠨ ᠬᠦᠴᠦᠨ ᠳᠡᠭᠡᠨ ᠲᠦᠰᠢᠭᠯᠡᠬᠦ ᠴᠢᠳᠠᠪᠤᠷᠢ ᠲᠠᠢ ᠪᠣᠯᠬᠤ ᠶᠢ ᠬᠠᠷᠰᠢᠯᠠᠳᠠᠭ ᠃ ᠡᠭᠦᠨ ᠤ ᠵᠡᠷᠭᠡᠪᠡᠷ ᠪᠠᠰᠠ ᠬᠡᠦᠬᠡᠳ ᠪᠤᠰᠤᠳ ᠲᠤ ᠨᠠᠶᠢᠳᠠᠬᠤ ᠂ ᠵᠠᠯᠬᠠᠭᠤᠷᠠᠬᠤ ᠪᠠᠢᠳᠠᠯ ᠲᠠᠢ ᠪᠣᠯᠵᠤ ᠂ ᠬᠣᠢᠨ᠎ᠠ ᠪᠠᠨ ᠬᠠᠮᠲᠤᠷᠠᠯ ᠤᠨ ᠠᠮᠢᠳᠤᠷᠠᠯ ᠳᠤ ᠵᠣᠬᠢᠴᠠᠵᠤ ᠴᠢᠳᠠᠬᠤ ᠦᠭᠡᠢ ᠪᠣᠯᠳᠠᠭ ᠃ ᠥᠭᠡᠷᠡᠴᠢᠯᠡᠬᠦ ᠠᠷᠭ᠎ᠠ ᠄ ᠲᠡᠭᠦᠨ ᠤ ᠴᠢᠳᠠᠪᠤᠷᠢ ᠶᠢᠨ ᠬᠡᠪᠴᠢᠶᠡᠨ ᠳᠣᠲᠤᠷ᠎ᠠ ᠂ ᠲᠡᠭᠦᠨ ᠳᠤ ᠠᠵᠢᠯ ᠠᠬᠤᠢ ᠬᠤᠪᠢᠶᠠᠷᠢᠯᠠᠨ ᠥᠭᠴᠦ ᠬᠢᠯᠭᠡᠭᠡᠳ ᠂ ᠬᠡᠦᠬᠡᠳ ᠲᠤ ᠬᠦᠴᠦ ᠬᠥᠯᠦᠰᠦ ᠭᠠᠷᠭᠠᠪᠠᠯ ᠲᠡᠭᠡᠭᠡᠳ ᠤᠯᠤᠯᠲᠡᠢ ᠪᠣᠯᠬᠤ ᠶᠢᠨ ᠶᠣᠰᠤ ᠤᠴᠢᠷ ᠢ ᠮᠡᠳᠡᠭᠦᠯᠬᠦ ᠶᠢᠨ ᠬᠠᠮᠲᠤ ᠪᠠᠰᠠ ᠬᠡᠦᠬᠡᠳ ᠮᠡᠳᠡᠵᠦ ᠬᠢᠬᠦ ᠵᠦᠪ ᠲᠠᠢ ᠵᠦᠢᠯ ᠢᠶᠠᠨ ᠬᠢᠵᠦ ᠮᠡᠳᠡᠬᠦ ᠴᠢᠳᠠᠪᠤᠷᠢ ᠲᠠᠢ ᠪᠣᠯᠭᠠᠬᠤ ᠬᠡᠷᠡᠭᠲᠡᠢ ᠃

       6. ᠨᠢᠯᠬ᠎ᠠ ᠬᠡᠦᠬᠡᠳ ᠲᠠᠢ ᠪᠠᠨ ᠬᠠᠮᠲᠤ ᠺᠤᠮᠫᠢᠦᠲ᠋ᠧᠷ ᠨᠠᠭᠠᠳᠬᠤ ᠬᠣᠣᠷᠲᠠᠢ ᠲᠠᠯ᠎ᠠ ᠄ ᠰᠠᠴᠤᠷᠠᠭ ᠨᠢ ᠬᠡᠦᠬᠡᠳ ᠤᠨ ᠮᠡᠳᠡᠷᠡᠯ ᠤᠨ ᠰᠢᠰᠲ᠋ᠧᠮ ᠪᠠ ᠶᠡᠬᠡ ᠲᠠᠷᠢᠬᠢ ᠂ ᠨᠢᠳᠦᠨ ᠤ ᠬᠠᠷᠠᠭ᠎ᠠ ᠪᠠ ᠰᠣᠨᠤᠰᠬᠤ ᠴᠢᠳᠠᠪᠤᠷᠢ ᠂ ᠬᠦᠵᠦᠭᠦᠦ ᠨᠢᠷᠤᠭᠤ ᠵᠡᠷᠭᠡ ᠠᠷᠠᠭ ᠶᠠᠰᠤᠨ ᠤ ᠪᠦᠢᠵᠢᠯᠲᠡ ᠵᠡᠷᠭᠡ ᠪᠦᠢᠵᠢᠯᠲᠡ ᠳᠤ ᠪᠦᠷ ᠲᠤᠩ ᠠᠰᠢᠭ ᠦᠭᠡᠢ ᠪᠣᠯᠳᠠᠭ ᠃ ᠥᠭᠡᠷᠡᠴᠢᠯᠡᠬᠦ ᠠᠷᠭ᠎ᠠ ᠄ ᠵᠠᠷᠢᠮ ᠭᠡᠷ ᠤᠨ ᠠᠬᠠᠮᠠᠳ ᠬᠡᠦᠬᠡᠳ ᠢᠶᠠᠨ ᠡᠷᠲᠡᠬᠡᠨ ᠺᠤᠮᠫᠢᠦᠲ᠋ᠧᠷ ᠲᠤ ᠦᠢᠷᠡᠲᠤᠭᠤᠯᠬᠤ ᠶᠢ ᠪᠣᠳᠤᠳᠠᠭ ᠂ ᠭᠡᠲᠡᠯ᠎ᠡ ᠵᠣᠬᠢᠬᠤ ᠨᠠᠰᠤᠨ ᠳᠤ ᠬᠦᠷᠴᠦ ᠂ ᠵᠣᠬᠢᠬᠤ ᠴᠠᠭ ᠢᠶᠠᠷ ᠬᠡᠷᠡᠭᠯᠡᠬᠦ ᠨᠢ ᠰᠠᠶᠢᠨ ᠭᠡᠳᠡᠭ ᠢ ᠮᠡᠳᠡᠬᠦ ᠬᠡᠷᠡᠭᠲᠡᠢ ᠃

       7. ᠬᠡᠦᠬᠡᠳ ᠤᠨ ᠢᠶᠠᠨ ᠨᠢᠭᠤᠷ ᠳᠡᠭᠡᠷ᠎ᠡ ᠠᠯᠢᠪᠠ ᠬᠠᠨᠤᠮᠵᠢ ᠦᠭᠡᠢ ᠤᠷᠮ᠎ᠠ ᠪᠠᠢᠳᠠᠯ ᠢᠶᠠᠨ ᠢᠯᠡᠷᠡᠭᠦᠯᠵᠦ ᠪᠣᠯᠬᠤ ᠦᠭᠡᠢ ᠬᠣᠣᠷᠲᠠᠢ ᠲᠠᠯ᠎ᠠ ᠨᠢ ᠄ ᠠᠰᠠᠭᠤᠳᠠᠯ ᠢ ᠰᠢᠢᠳᠪᠦᠷᠢᠯᠡᠵᠦ ᠴᠢᠳᠠᠬᠤ ᠦᠭᠡᠢ ᠮᠥᠷᠲᠡᠭᠡᠨ ᠬᠡᠦᠬᠡᠳ ᠢ ᠪᠤᠰᠤᠳ ᠡᠴᠡ ᠭᠡᠮ ᠬᠠᠶᠢᠬᠤ ᠮᠠᠭᠤ ᠳᠠᠳᠭᠠᠯ ᠲᠠᠢ ᠪᠣᠯᠭᠠᠵᠤ ᠂ ᠥᠪᠡᠷ ᠤᠨ ᠢᠶᠠᠨ ᠪᠤᠷᠤᠭᠤ ᠶᠢ ᠣᠯᠵᠤ ᠮᠡᠳᠡᠬᠦ ᠦᠭᠡᠢ ᠪᠣᠯᠭᠠᠳᠠᠭ ᠃ ᠥᠭᠡᠷᠡᠴᠢᠯᠡᠬᠦ ᠠᠷᠭ᠎ᠠ ᠄ ᠲᠥᠪ ᠭᠣᠣᠯᠴᠢ ᠣᠪᠤᠷ ᠢᠶᠠᠷ ᠬᠡᠦᠬᠡᠳ ᠲᠡᠭᠡᠨ ᠂ ᠲᠡᠭᠦᠨ ᠤ ᠠᠮᠢᠳᠤᠷᠠᠯ ᠤᠨ ᠳᠤᠮᠳᠠ ᠰᠠᠶᠢᠨ ᠰᠠᠶᠢᠬᠠᠨ ᠪᠢᠰᠢ ᠬᠡᠷᠡᠭ ᠪᠠᠰᠠ ᠪᠠᠢᠬᠤ ᠶᠢ ᠬᠡᠯᠡᠵᠦ ᠮᠡᠳᠡᠭᠦᠯᠵᠦ ᠂ ᠴᠢᠳᠠᠬᠤ ᠴᠢᠨᠡᠭᠡ ᠪᠠᠷ ᠬᠡᠦᠬᠡᠳ ᠲᠤ ᠨᠡᠩ ᠢᠳᠡᠪᠬᠢ ᠨᠥᠯᠦᠭᠡ ᠥᠭᠬᠦ ᠬᠡᠷᠡᠭᠲᠡᠢ ᠃

        8. ᠬᠤᠳᠠᠯ ᠬᠡᠯᠡᠬᠦ ᠬᠣᠣᠷᠲᠠᠢ ᠲᠠᠯ᠎ᠠ ᠄ ᠨᠢᠭᠡ ᠳᠤ ᠂ ᠬᠡᠦᠬᠡᠳ ᠲᠤ ᠬᠤᠳᠠᠯ ᠬᠡᠯᠡᠬᠦ ᠨᠢ ᠪᠤᠷᠤᠭᠤ ᠪᠢᠰᠢ ᠭᠡᠳᠡᠭ ᠤᠶᠢᠯᠠᠭᠠᠯᠲᠠ ᠥᠭᠭᠦᠨ᠎ᠡ ᠂ ᠢᠩᠭᠢᠭᠡᠳ ᠲᠡᠷᠡ ᠪᠠᠰᠠ ᠡᠢᠮᠦ ︽ ᠵᠠᠩ ᠴᠢᠨᠠᠷᠲᠡᠢ ︾ ᠪᠣᠯᠤᠨ᠎ᠠ ᠃ ᠬᠣᠶᠠᠷ ᠲᠤ ᠂ ᠬᠡᠦᠬᠡᠳ ᠴᠢᠨᠢ ᠲᠠᠨᠠᠷ ᠢ ᠣᠢᠯᠠᠭᠠᠬᠤ ᠦᠭᠡᠢ ᠡᠴᠡ ᠪᠣᠯᠵᠤ ᠲᠠᠨᠠᠷ ᠲᠤ ᠪᠤᠷᠤᠭᠤ ᠲᠠᠨᠢᠯᠲᠠ ᠲᠠᠢ ᠪᠣᠯᠬᠤ ᠪᠣᠯᠤᠨ᠎ᠠ ᠃ ᠥᠭᠡᠷᠡᠴᠢᠯᠡᠬᠦ ᠠᠷᠭ᠎ᠠ ᠄ ᠬᠡᠦᠬᠡᠳ ᠤᠨ ᠢᠲᠡᠭᠡᠯ ᠢ ᠨᠡᠡᠳᠢᠩᠨᠠᠬᠤ ᠬᠡᠷᠡᠭᠲᠡᠢ ᠂ ᠬᠡᠦᠬᠡᠳ ᠲᠤ ᠳᠤᠷ᠎ᠠ ᠦᠭᠡᠶᠢᠴᠡᠵᠦ ᠪᠣᠯᠬᠤ ᠦᠭᠡᠢ ᠂ ᠬᠡᠦᠬᠡᠳ ᠲᠤ ᠠᠮᠠᠯᠳᠠᠭᠰᠠᠨ ᠬᠡᠷᠡᠭ ᠢᠶᠠᠨ ᠵᠠᠪᠠᠯ ᠭᠦᠢᠴᠡᠳᠭᠡᠬᠦ ᠬᠡᠷᠡᠭᠲᠡᠢ ᠂ ᠬᠡᠦᠬᠡᠳ ᠴᠢᠨᠢ ᠬᠠᠵᠠᠭᠤ ᠳᠤ ᠪᠠᠢᠭᠰᠠᠨ ᠴᠤ ᠪᠣᠯᠤᠭ ᠂ ᠦᠭᠡᠢ ᠴᠤ ᠪᠣᠯᠤᠭ ᠴᠢᠩ ᠦᠨᠡᠨᠴᠢ ᠬᠥᠮᠦᠨ ᠪᠣᠯᠬᠤ ᠪᠠᠷ ᠴᠢᠷᠮᠠᠢᠬᠤ ᠬᠡᠷᠡᠭᠲᠡᠢ ᠃

        9. ᠬᠡᠷᠡᠭ ᠬᠢᠬᠦ ᠳᠡᠭᠡᠨ ᠴᠢᠷᠦᠯᠳᠦᠭᠦᠯᠵᠦ ᠂ ᠴᠠᠭ ᠢ ᠠᠮᠵᠢᠬᠤ ᠦᠵᠡᠯᠲᠡ ᠦᠭᠡᠢ ᠪᠠᠢᠬᠤ ᠬᠣᠣᠷᠲᠠᠢ ᠲᠠᠯ᠎ᠠ ᠨᠢ ᠄ ᠴᠢᠷᠦᠯᠳᠦᠭᠦᠯᠭᠦ ᠵᠠᠩ ᠢ ᠬᠡᠦᠬᠡᠳ ᠲᠤ ᠭᠦᠷᠲᠡᠯ᠎ᠡ ᠦᠷᠭᠦᠯᠵᠢᠯᠡᠭᠦᠯᠬᠦ ᠨᠢ ᠬᠡᠦᠬᠡᠳ ᠢ ᠪᠠᠰᠠ ᠴᠠᠭ ᠢ ᠪᠠᠷᠢᠮᠲᠠᠯᠠᠬᠤ ᠦᠭᠡᠢ ᠂ ᠬᠡᠷᠡᠭ ᠶᠠᠪᠤᠳᠠᠯ ᠢ ᠴᠢᠷᠦᠯᠳᠦᠭᠦᠯᠭᠦ ᠵᠠᠩ ᠲᠠᠢ ᠪᠣᠯᠭᠠᠨ᠎ᠠ ᠃ ᠥᠭᠡᠷᠡᠴᠢᠯᠡᠬᠦ ᠠᠷᠭ᠎ᠠ ᠨᠢ ᠄ ᠬᠠᠷᠠᠬᠠᠨ ᠪᠠᠭ᠎ᠠ ᠡᠴᠡ ᠨᠢ ᠴᠠᠭ ᠢ ᠪᠠᠷᠢᠮᠲᠠᠯᠠᠬᠤ ᠵᠠᠩ ᠲᠠᠢ ᠪᠣᠯᠭᠠᠵᠤ ᠂ ᠴᠠᠭ ᠤᠨ ᠴᠢᠬᠤᠯᠠ ᠴᠢᠨᠠᠷ ᠢ ᠤᠶᠢᠯᠠᠭᠠᠭᠤᠯᠬᠤ ᠬᠡᠷᠡᠭᠲᠡᠢ ᠃

        10. ᠵᠠᠮ ᠬᠠᠷᠢᠯᠴᠠᠭᠠᠨ ᠤ ᠳᠦᠷᠢᠮ ᠢ ᠵᠢᠷᠤᠮᠯᠠᠬᠤ ᠦᠭᠡᠢ ᠬᠣᠣᠷᠲᠠᠢ ᠲᠠᠯ᠎ᠠ ᠨᠢ ᠄ ᠬᠡᠦᠬᠡᠳ ᠵᠠᠮ ᠬᠠᠷᠢᠯᠴᠠᠭᠠᠨ ᠤ ᠳᠦᠷᠢᠮ ᠳᠢᠭ᠍ᠯᠢᠮ ᠢ ᠴᠢᠬᠤᠯᠠᠴᠢᠯᠠᠬᠤ ᠦᠭᠡᠢ ᠂ ᠠᠮᠤᠷ ᠲᠦᠪᠰᠢᠨ ᠤ ᠦᠵᠡᠯ ᠤᠬᠠᠮᠰᠠᠷ ᠦᠭᠡᠢ ᠪᠠ ᠥᠪᠡᠷ ᠢ ᠪᠠᠨ ᠬᠠᠮᠠᠭᠠᠯᠠᠬᠤ ᠦᠵᠡᠯ ᠤᠬᠠᠮᠰᠠᠷ ᠦᠭᠡᠢ ᠪᠣᠯᠭᠠᠨ᠎ᠠ ᠃ ᠥᠭᠡᠷᠡᠴᠢᠯᠡᠬᠦ ᠠᠷᠭ᠎ᠠ ᠄ ᠡᠩ ᠲᠡᠷᠢᠭᠦᠨ ᠳᠤ ᠭᠡᠷ ᠤᠨ ᠠᠬᠠᠮᠠᠳ ᠡᠴᠡ ᠬᠡᠦᠬᠡᠳ ᠲᠡᠭᠡᠨ ᠵᠠᠮ ᠬᠠᠷᠢᠯᠴᠠᠭᠠᠨ ᠤ ᠳᠦᠷᠢᠮ ᠳᠢᠭ᠍ᠯᠢᠮ ᠤᠨ ᠲᠤᠬᠠᠢ ᠶᠡᠷᠦ ᠶᠢᠨ ᠮᠡᠳᠡᠯᠭᠡ ᠶᠢ ᠬᠡᠦᠬᠡᠳ ᠢᠶᠠᠨ ᠰᠤᠷᠭᠠᠭᠤᠯᠢ ᠬᠦᠷᠭᠡᠬᠦ ᠵᠠᠮ ᠵᠠᠭᠤᠷ᠎ᠠ ᠳᠠᠭᠠᠨ ᠲᠠᠨᠢᠯᠴᠠᠭᠤᠯᠵᠤ ᠂ ᠠᠮᠤᠷ ᠲᠦᠪᠰᠢᠨ ᠤ ᠦᠵᠡᠯ ᠤᠬᠠᠮᠰᠠᠷ ᠢ ᠳᠡᠭᠡᠭᠰᠢᠯᠡᠭᠦᠯᠬᠦ ᠶᠢ ᠠᠩᠬᠠᠷᠤᠨ ᠬᠥᠮᠦᠵᠢᠭᠦᠯᠦᠨ᠎ᠡ ᠃

        11. ᠤᠯᠠᠨ ᠤ ᠳᠤᠮᠳᠠ ᠬᠡᠦᠬᠡᠳ ᠢᠶᠠᠨ ᠬᠠᠷᠢᠶᠠᠵᠤ ᠪᠣᠯᠬᠤ ᠦᠭᠡᠢ ᠬᠣᠣᠷᠲᠠᠢ ᠲᠠᠯ᠎ᠠ ᠨᠢ ᠄ ᠬᠡᠦᠬᠡᠳ ᠤᠨ ᠪᠡᠶ᠎ᠡ ᠪᠠᠨ ᠭᠦᠡᠳᠦᠳᠭᠡᠭᠦ ᠰᠡᠳᠭᠢᠯᠭᠡ ᠶᠢ ᠰᠢᠷᠬᠠᠲᠤᠭᠤᠯᠵᠤ ᠂ ᠬᠡᠦᠬᠡᠳ ᠴᠢᠨᠢ ᠪᠡᠶ᠎ᠡ ᠪᠠᠨ ᠭᠣᠯᠤᠬᠤ ᠪᠣᠳᠤᠯ ᠲᠠᠢ ᠪᠣᠯᠬᠤ ᠪᠥᠭᠡᠳ ᠲᠠᠨᠠᠷ ᠤᠨ ᠬᠣᠭᠤᠷᠤᠨᠳᠤᠬᠢ ᠬᠠᠢᠷ᠎ᠠ ᠰᠡᠳᠭᠢᠯᠭᠡ ᠶᠢ ᠨᠥᠯᠦᠭᠡᠯᠡᠨ᠎ᠡ ᠃ ᠥᠭᠡᠷᠡᠴᠢᠯᠡᠬᠦ ᠠᠷᠭ᠎ᠠ ᠄ ᠬᠡᠦᠬᠡᠳ ᠠᠯᠳᠠᠭ᠎ᠠ ᠪᠤᠷᠤᠭᠤ ᠭᠠᠷᠭᠠᠪᠠᠯ ᠴᠠᠭ ᠳᠡᠭᠡᠷ᠎ᠡ ᠨᠢ ᠵᠢᠭᠠᠵᠤ ᠵᠠᠯᠠᠷᠠᠭᠤᠯᠬᠤ ᠴᠢᠬᠤᠯᠠᠲᠠᠢ ᠂ ᠭᠡᠲᠡᠯ᠎ᠡ ᠡᠶᠡᠯᠳᠡᠭ ᠵᠥᠭᠡᠯᠡᠨ ᠣᠪᠤᠷ ᠢᠶᠠᠷ ᠲᠡᠭᠦᠨ ᠳᠤ ᠶᠠᠭᠠᠬᠢᠭᠠᠳ ᠪᠤᠷᠤᠭᠤᠳᠠᠭᠰᠠᠨ ᠢ ᠨᠢ ᠬᠡᠯᠡᠵᠦ ᠮᠡᠳᠡᠭᠦᠯᠬᠦ ᠬᠡᠷᠡᠭᠲᠡᠢ ᠃

        12. ᠬᠥᠳᠡᠯᠭᠡᠭᠡᠨ ᠬᠢᠬᠦ ᠳᠤᠷ᠎ᠠ ᠦᠭᠡᠢ ᠪᠠᠢᠬᠤ ᠬᠣᠣᠷᠲᠠᠢ ᠲᠠᠯ᠎ᠠ ᠨᠢ ᠄ ᠶᠠᠮᠠᠷ ᠨᠢᠭᠡ ᠮᠡᠷᠭᠡᠵᠢᠯ ᠴᠢᠳᠠᠪᠤᠷᠢ ᠶᠢᠨ ᠬᠥᠭᠵᠢᠯᠲᠡ ᠶᠢ ᠨᠢ ᠬᠠᠷᠰᠢᠯᠠᠬᠤ ᠪᠣᠯᠤᠨ᠎ᠠ ᠃ ᠥᠭᠡᠷᠡᠴᠢᠯᠡᠬᠦ ᠠᠷᠭ᠎ᠠ ᠄ ᠡᠩ ᠤᠨ ᠴᠠᠭ ᠲᠤ ᠴᠢᠳᠠᠬᠤ ᠶᠢᠨ ᠴᠢᠨᠡᠭᠡ ᠪᠠᠷ ᠬᠡᠦᠬᠡᠳ ᠢᠶᠠᠨ ᠳᠠᠭᠠᠭᠤᠯᠤᠨ ᠬᠠᠮᠲᠤᠪᠠᠷ ᠬᠥᠳᠡᠯᠭᠡᠭᠡᠨ ᠬᠢᠬᠦ ᠪᠤᠶᠤ ᠨᠠᠭᠠᠳᠤᠮ ᠲᠣᠭᠯᠠᠭᠠᠮ ᠭᠠᠷᠭᠠᠬᠤ ᠬᠡᠷᠡᠭᠲᠡᠢ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )