ᠵᠢᠭᠠᠨ ᠰᠤᠳᠤᠯᠬᠤ ᠳᠤᠭᠤᠢᠯᠠᠩ
ᠵᠠᠯᠠᠭᠤ ᠪᠠᠭᠰᠢᠨᠠᠷ ᠤᠨ ᠬᠢᠴᠢᠶᠡᠯ ᠢ ᠰᠤᠨᠤᠰᠴᠤ ᠦᠨᠡᠯᠡᠬᠦ ᠬᠦᠳᠡᠯᠬᠡᠬᠡᠨ ᠡᠬᠢᠯᠡᠪᠡ
2017.04.19 ᠲᠣᠰ ᠥᠷᠲᠡᠭᠡᠨ ᠦ ᠨᠠᠢᠷᠠᠭᠤᠯᠤᠭᠴᠢ

 

       2017᠎ ᠂  4᠎ ᠂ 18᠎ ᠦ ᠡᠳᠦᠷ ᠦᠨ ᠦᠳᠡ ᠵᠢᠨ ᠬᠣᠢᠨ᠎ᠠ ᠮᠠᠨ ᠦ ᠰᠤᠷᠭᠠᠭᠤᠯᠢ  ᠵᠢᠭᠠᠨ  ᠰᠤᠷᠭᠠᠯᠳᠠ ᠵᠢᠨ ᠠᠵᠢᠯ  ᠵᠢᠡᠨ  ᠨᠡᠩ ᠬᠦᠭᠵᠢᠶᠠᠨ ᠲᠠᠢ ᠡᠷᠴᠢᠮ ᠲᠠᠢ ᠂ ᠰᠢᠨᠵᠢᠯᠡᠬᠦ ᠤᠬᠠᠭᠠᠨᠴᠢ ᠦᠷ᠎ᠡ ᠪᠦᠲᠦᠮᠵᠢ ᠲᠠᠢ ᠶᠠᠪᠤᠭᠳᠠᠭᠤᠯᠬᠤ ᠡᠬᠦᠳᠡᠨ ᠡᠴᠡ ᠬᠢᠴᠢᠶᠡᠯ ᠬᠦᠮᠦᠵᠢᠯ ᠦᠨ ᠭᠠᠵᠠᠷ  ᠨᠢᠬᠡ ᠤᠳᠠᠭᠠᠨ  ᠤ ᠵᠠᠯᠠᠭᠤ ᠪᠠᠭᠰᠢᠨᠠᠷ ᠤᠨ ᠬᠢᠴᠢᠶᠡᠯ ᠢ ᠰᠤᠨᠤᠰᠴᠦ ᠦᠨᠡᠯᠡᠬᠦ ᠬᠦᠳᠡᠯᠬᠡᠬᠡᠨ ᠶᠠᠪᠤᠭᠳᠠᠭᠤᠯᠪᠠ ᠃ ᠵᠢᠭᠠᠨ ᠰᠤᠷᠭᠠᠬᠤ ᠠᠵᠢᠯ ᠢ ᠬᠠᠷᠢᠭᠤᠴᠠᠵᠤ ᠪᠠᠢᠭ᠎ᠠ ᠤᠳᠤᠷᠢᠳᠤᠯᠭ᠎ᠠ ᠪᠠ  ᠡᠷᠬᠢᠯᠡᠭᠴᠢ ᠂  ᠤᠨ ᠤ ᠲᠤᠭᠤᠢᠯᠠᠩ ᠂ ᠬᠢᠴᠢᠶᠡᠯ ᠲᠦᠷᠦᠯ ᠦᠨ ᠲᠤᠭᠤᠢᠯᠠᠩ ᠤᠨ ᠲᠤᠯᠤᠭᠠᠢᠯᠠᠭᠴᠢ ᠪᠠᠭᠰᠢᠨᠠᠷ ᠡᠴᠠ   ᠵᠠᠯᠠᠭᠤ ᠪᠠᠭᠰᠢᠨᠠᠷ ᠤᠨ ᠬᠢᠴᠢᠶᠡᠯ  ᠢ  ᠨᠠᠷᠢᠨ ᠬᠢᠨᠠᠮᠠᠭᠠᠢ ᠰᠤᠨᠤᠰᠴᠦ ᠦᠨᠡᠯᠡᠯᠳᠡ ᠬᠢᠭᠰᠡᠨ ᠪᠠᠢᠨ᠎ᠠ ᠃ ᠵᠠᠯᠠᠭᠤ  ᠪᠠᠭᠰᠢᠨᠠᠷ ᠴᠤ ᠬᠢᠴᠢᠶᠡᠯ ᠪᠡᠯᠡᠳᠬᠡᠭᠰᠡᠨ ᠪᠠᠢᠳᠠᠯ ᠂ ᠬᠠᠷᠠᠯᠳᠠ ᠵᠤᠷᠢᠯᠳᠠ  ᠂ ᠤᠯᠤᠯᠳᠠ ᠲᠦᠷᠦᠭᠳᠡᠯ ᠵᠢᠡᠨ ᠶᠠᠷᠢᠭᠰᠠᠨ ᠪᠠᠢᠨ᠎ᠠ ᠃ ᠲᠤᠤᠷᠠᠬᠢ ᠬᠡᠷᠡᠯ ᠵᠢᠷᠤᠭ ᠪᠤᠯ   ᠬᠡᠯᠡᠨ ᠦ ᠶᠡᠷᠦᠩᠬᠡᠢ ᠳᠤᠭᠤᠢᠯᠠᠩ ᠪᠤᠯᠤᠨ ᠮᠤᠩᠭᠤᠯ ᠬᠢᠳᠡᠳ ᠬᠡᠯᠡᠨ ᠦ ᠲᠤᠭᠤᠢᠯᠠᠩ ᠤᠨ ᠵᠠᠯᠠᠭᠤ ᠪᠠᠭᠰᠢᠨᠠᠷ ᠤᠨ ᠬᠢᠴᠢᠶᠡᠯ ᠢ  ᠦᠨᠡᠯᠡᠨ ᠶᠠᠷᠢᠯᠴᠠᠬᠤ ᠬᠤᠷᠠᠯ ᠤᠨ ᠠᠬᠤᠢ ᠲᠠᠯᠠᠪᠠᠢ ᠪᠣᠯᠤᠨ᠎ᠠ ᠃  ᠡᠨᠡ ᠤᠳᠠᠭᠠᠨ ᠤ ᠬᠦᠳᠡᠯᠬᠡᠬᠡᠨ ᠨᠢ ᠮᠠᠨ ᠤ ᠰᠤᠷᠭᠠᠭᠤᠯᠢ ᠶᠢᠨ ᠵᠢᠭᠠᠨ ᠰᠤᠷᠭᠠᠯᠳᠠ ᠵᠢᠨ ᠠᠵᠢᠯ ᠳᠤ ᠵᠤᠬᠢᠬᠤ ᠲᠦᠯᠬᠢᠴᠡ ᠬᠦᠴᠦᠨ ᠪᠤᠯᠬᠤ ᠨᠢ ᠯᠠᠪᠳᠠᠢ ᠃

 

 

 

 

 

 

 

 

 

 

 

 

 

 

 

 

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )