ᠵᠢᠭᠠᠨ ᠰᠤᠷᠭᠠᠯᠲᠠ
ᠪᠠᠭᠰᠢ ᠶᠢᠨ ᠲᠥᠯᠦᠭᠡᠯᠡᠭᠴᠢ ᠶᠢᠨ ᠶᠠᠷᠢᠶ᠎ᠠ
2019.06.17 ᠲᠣᠰ ᠥᠷᠲᠡᠭᠡᠨ ᠦ ᠨᠠᠢᠷᠠᠭᠤᠯᠤᠭᠴᠢ

ᠡᠷᠳᠡᠮ ᠦᠨ ᠣᠯᠠᠨ ᠪᠠᠭᠰᠢ ᠂ ᠡᠯᠢᠭᠡᠨ ᠬᠠᠢᠷᠠᠳᠤ ᠰᠤᠷᠤᠭᠴᠢ ᠨᠥᠬᠦᠳ ᠡ ᠄

                             ᠲᠠ ᠪᠦᠬᠦᠨ ᠰᠠᠢᠨ ᠦᠦ ︖

      ᠤᠯᠠᠷᠢᠯ  ᠤᠨ ᠰᠠᠢᠬᠠᠨ ᠲᠡᠯᠭᠡᠷᠡᠬᠦ ᠵᠤᠨ ᠤ ᠲᠡᠷᠢᠬᠦᠨ ᠰᠠᠷ᠎ᠠ ᠪᠡᠷ ᠤᠶᠠᠷᠠᠯ  ᠤᠨ ᠲᠤᠷᠠᠳᠭᠠᠯᠳᠤ ᠲᠡᠬᠦᠰᠬᠦ ᠶᠤᠰᠤᠯᠠᠯ ᠢᠶᠠᠨ ᠪᠢᠳᠡ ᠦᠪᠡᠳᠡᠭᠰᠢ ᠰᠠᠢᠬᠠᠨ ᠡᠬᠢᠯᠡᠬᠦᠯᠵᠤ ᠪᠠᠢᠨ᠎ᠠ᠃ᠡᠨᠳᠡ ᠪᠢ ᠪᠦᠬᠦ ᠪᠠᠭᠰᠢ ᠨᠠᠷ ᠤᠨ ᠡᠮᠤᠨ᠎ᠠ ᠡᠴᠡ ᠲᠡᠬᠦᠰᠬᠦ ᠰᠤᠷᠤᠭᠴᠢᠳ ᠲᠤ ᠪᠡᠨ ᠰᠡᠳᠬᠢᠯ ᠦᠨ ᠦᠬᠡ ᠪᠡᠨ ᠲᠡᠯᠭᠡᠶ᠎ᠠ ︕

      ᠤᠨ ᠵᠢᠯ ᠦᠨ ᠣᠷᠴᠢᠯᠳᠠ ᠶᠢᠨ ᠵᠢᠮ᠎ᠠ ᠪᠠᠷ ᠭᠤᠷᠪᠡᠨ ᠵᠢᠯ ᠦᠨ ᠶᠠᠭᠠᠷᠠᠯᠳᠠᠢ ᠰᠤᠷᠤᠯᠴᠠᠯᠭ᠎ᠠ ᠰᠢᠪᠳᠤᠷᠭᠠᠨ ᠳᠤ ᠪᠡᠨ ᠤᠷᠤᠵᠤ ᠠᠬᠢᠨ ᠨᠢᠬᠡ ᠲᠡᠭᠳᠡᠷ ᠲᠦ ᠠᠪᠠᠷᠢᠬᠤ ᠶᠢᠨ ᠤᠶᠠᠷᠠᠭᠤᠨ ᠵᠢᠪᠬᠤᠯᠠᠩᠳᠤ ᠴᠠᠭ ᠮᠦᠴᠡ ᠰᠠᠨᠠᠭᠰᠠᠨ ᠡᠴᠡ ᠲᠦᠷᠭᠡᠨ ᠬᠦᠷᠦᠭᠡᠳ ᠢᠷᠡᠭᠰᠡᠨ ᠨᠢ ᠭᠠᠢᠬᠠᠯᠳᠠᠢ᠃

      ᠬᠠᠢᠷᠠᠳᠤ ᠰᠤᠷᠤᠭᠴᠢ ᠨᠦᠬᠦᠳ ᠡ᠂ ᠭᠤᠷᠪᠠᠨ ᠵᠢᠯ ᠦᠨ ᠡᠮᠤᠨ᠎ᠡ ᠪᠢᠳᠡ ᠡᠴᠢᠭᠡ ᠡᠭᠡ ᠡᠯᠢᠭᠡᠨ ᠰᠠᠳᠤᠨ ᠤ ᠪᠡᠨ ᠬᠦᠰᠡᠯ ᠮᠥᠷᠦᠭᠡᠳᠤᠯ  ᠢᠶᠠᠷ ᠵᠢᠬᠦᠷᠯᠡᠨ ᠡᠷᠳᠡᠮ ᠦᠨ ᠦᠯᠦᠭᠡᠢ ᠪᠤᠯᠤᠭᠰᠠᠨ ᠪᠤᠷᠤᠬᠤᠳᠠ ᠮᠣᠩᠭᠤᠯ ᠲᠤᠮᠳᠠᠳᠤ ᠰᠤᠷᠭᠠᠭᠤᠯᠢ ᠶᠢᠨ  ᠶᠢᠨ ᠠᠯᠳᠠᠨ ᠪᠣᠱᠤᠭ᠎ᠠ ᠶᠢ ᠠᠯᠬᠤᠯ᠎ᠠ ᠃ ᠲᠡᠬᠡᠬᠦ ᠳᠤ ᠪᠤᠷᠤᠬᠤᠳᠠ ᠮᠤᠩᠭᠤᠯ ᠲᠤᠮᠳᠠᠳᠤ ᠰᠤᠷᠭᠠᠭᠤᠯᠢ ᠴᠢᠨᠢ ᠬᠠᠯᠠᠭᠤᠨ ᠡᠯᠢᠭᠡᠨ ᠳᠤ ᠪᠡᠨ ᠪᠦᠦᠪᠡᠢᠯᠡᠨ ᠠᠶᠤᠰᠢ ᠬᠠᠳᠠᠭ ᠢᠶᠠᠨ ᠲᠡᠯᠭᠡᠨ ᠪᠠᠶᠠᠷᠯᠠᠨ ᠤᠭᠳᠤᠭᠰᠠᠨ ᠰᠠᠨ ᠃ ᠠᠴᠢᠳᠤ ᠤᠯᠠᠨ ᠪᠠᠭᠰᠢ ᠨᠠᠷ ᠴᠢᠨᠢ ᠡᠷᠳᠡᠮ ᠤᠬᠠᠭᠠᠨ ᠤ ᠵᠢᠯᠤᠭᠤ ᠶᠢ ᠠᠳᠬᠤᠭᠤᠯᠤᠶ᠎ᠠ ᠬᠡᠮᠡᠨ ᠡᠳᠤᠷ ᠰᠦᠨᠢ ᠭᠡᠵᠤ ᠢᠯᠭᠠᠯ ᠦᠬᠡᠢ ᠂ᠦᠪᠡᠷ ᠦᠨ ᠬᠦᠮᠦᠨ ᠦ ᠬᠡᠵᠤ ᠭᠠᠳᠠᠭᠤᠷᠴᠢᠯᠡᠯ ᠦᠬᠡᠢ ᠵᠢᠳᠬᠦᠨ ᠢᠷᠡᠭᠰᠡᠨ ᠪᠢᠯᠡ ᠃

       ᠭᠤᠷᠪᠠᠨ ᠵᠢᠯ ᠦᠨ ᠲᠤᠷᠰᠢ ᠲᠠ ᠨᠡᠷ ᠮᠢᠨᠢ ᠰᠤᠷᠬᠤ ᠶᠢᠨ ᠲᠠᠯᠠᠢ ᠳᠤ ᠱᠤᠩᠪᠠᠵᠤ ᠂ ᠤᠷᠠᠯᠢᠭ ᠤᠨ ᠰᠠᠢᠬᠠᠨ ᠠᠯᠳᠠᠷ ᠢᠶᠠᠷ ᠡᠬᠡ ᠰᠤᠷᠭᠠᠭᠤᠯᠢ ᠳᠤ ᠪᠡᠨ ᠦᠩᠬᠡ ᠨᠠᠮᠡᠷᠢᠯᠡᠵᠤ ᠪᠠᠢᠭᠰᠠᠨ᠃ ᠠᠬᠠᠰ ᠵᠠᠬᠠᠰ ᠢᠶᠠᠨ ᠬᠦᠨᠳᠤᠯᠡᠵᠤ ᠂ ᠠᠩᠭ᠎ᠠ ᠲᠡᠬᠦᠦ ᠨᠡᠷ ᠢᠶᠡᠨ ᠬᠠᠯᠠᠮᠵᠢᠯᠠᠵᠤ ᠶᠡᠪᠤᠯ᠎ᠠ ᠃ ᠠᠵᠢᠯᠴᠢ ᠠᠷᠪᠢᠴᠢ ᠂ ᠪᠤᠷᠤᠭᠵᠢᠭᠤᠨ ᠴᠡᠪᠡᠷᠴᠢ ᠰᠤᠷᠳᠠᠯ  ᠢᠶᠡᠷ ᠢᠶᠡᠨ ᠪᠦᠬᠦᠳᠡ ᠤᠯᠠᠨ ᠤ ᠲᠡᠭᠤᠷᠢᠶᠡᠯ ᠪᠤᠯᠵᠤ ᠴᠤ ᠬᠢᠯᠠᠯᠵᠠᠯ᠎ᠠ ᠃ ᠬᠠᠶᠠ ᠵᠠᠷᠢᠮ ᠳᠤ ᠪᠡᠨ ᠬᠡᠤᠬᠡᠳ ᠬᠡᠮᠡᠷ ᠠᠯᠢᠶ᠎ᠠ ᠵᠠᠩ  ᠳᠤ ᠪᠡᠨ  ᠲᠡᠢᠯᠳᠡᠵᠦ ᠬᠠᠯᠳᠤᠷᠢᠵᠤ ᠵᠢᠭᠠᠬᠠᠨ ᠤᠰᠤᠯ ᠭᠠᠷᠭᠠᠵᠤ ᠬᠦᠬᠡᠷᠦᠬᠦᠢ ᠪᠠᠭᠰᠢ ᠪᠡᠨ ᠵᠤᠪᠠᠭᠠᠵᠤ ᠴᠤ ᠵᠠᠩᠨᠠᠭᠤᠯᠵᠤ ᠴᠤ ᠦᠩᠭᠡᠷᠡᠭᠰᠡᠨ᠃

       ᠭᠤᠷᠪᠠᠨ ᠵᠢᠯ ᠦᠨ ᠲᠤᠷᠰᠢ ᠠᠴᠢᠯᠡᠯ ᠦᠨ ᠲᠡᠭᠷᠢ ᠠᠪᠤ ᠡᠵᠢ ᠶᠢᠨ  ᠢᠶᠡᠨ ᠠᠯᠳᠠᠨ ᠰᠤᠷᠭᠠᠯ ᠢ ᠪᠤᠳᠤᠯ ᠳᠤ ᠪᠡᠨ ᠲᠡᠭᠡᠳᠤᠯᠡᠨ ᠠᠵᠢᠯᠯᠠᠭ᠎ᠠ ᠪᠡᠨ ᠲᠦᠷᠢᠮᠵᠢᠭᠦᠯᠵᠦ ᠢᠷᠡᠯ᠎ᠡ᠃ ᠠᠴᠢᠳᠤ ᠬᠦᠮᠦᠨ ᠦ ᠪᠡᠨ ᠬᠠᠢᠷ᠎ᠠ ᠶᠢᠨ ᠬᠠᠷᠢᠭᠤ ᠲᠠᠯ᠎ᠠ ᠬᠡᠮᠡᠨ ᠰᠤᠷᠬᠤ ᠶᠢᠨ ᠰᠠᠢᠬᠠᠨ ᠳᠤ ᠰᠤᠭᠳᠤᠭᠤᠷᠠᠵᠤ ᠮᠡᠷᠡᠢᠨ ᠴᠢᠷᠮᠡᠢᠵᠤ ᠢᠷᠡᠯ᠎ᠡ ᠃

       ᠦᠨᠦᠳᠦᠷ ᠲᠠ ᠪᠦᠬᠦᠨ ᠢᠷᠠᠭᠤ ᠠᠯᠳᠠᠷᠳᠠᠢ ᠪᠡᠷ ᠂ ᠢᠳᠡᠭᠡᠯ ᠵᠤᠷᠢᠭ ᠲᠠᠢ ᠪᠡᠷ ᠂ ᠢᠷᠡᠭᠡᠳᠤᠢ ᠶᠢᠨ ᠬᠦᠰᠡᠯ ᠲᠠᠢ ᠪᠡᠷ ᠰᠤᠷᠤᠯᠭ᠎ᠠ ᠪᠡᠨ ᠠᠮᠵᠢᠯᠳᠠ ᠲᠠᠢ ᠲᠡᠬᠦᠰᠭᠡᠬᠦ ᠪᠤᠯᠤᠯ᠎ᠠ ᠃ ᠦᠯᠦᠭᠡᠢ ᠪᠤᠯᠤᠭᠰᠠᠨ ᠡᠬᠡ ᠰᠤᠷᠭᠠᠭᠤᠯᠢ ᠴᠢᠨᠢ ᠲᠠ ᠪᠦᠬᠦᠨ ᠡᠴᠡ ᠰᠠᠯᠤᠨ ᠶᠠᠳᠠᠵᠤ ᠪᠠᠢᠨ᠎ᠠ ᠃ ᠦᠷᠯᠦᠭᠡ ᠦᠳᠡᠰᠢ ᠦᠬᠡᠢ ᠬᠠᠮᠳᠤ ᠳᠤ ᠪᠡᠨ ᠲᠡᠮᠡᠴᠡᠭᠰᠡᠨ ᠪᠠᠭᠰᠢ ᠨᠠᠷ ᠴᠢᠨᠢ ᠰᠠᠯᠤᠨ ᠶᠠᠳᠠᠵᠤ ᠪᠠᠢᠨ᠎ᠠ ᠃ ᠬᠠᠮᠳᠤ ᠳᠤ ᠪᠡᠨ ᠪᠠᠢᠭᠰᠠᠨ ᠵᠢᠷᠭᠠᠯᠳᠤ ᠮᠦᠴᠡ ᠪᠡᠨ ᠰᠡᠳᠬᠢᠯ ᠦᠨ ᠬᠦᠨ ᠳᠤ ᠪᠡᠨ ᠬᠠᠳᠠᠩᠰᠢᠭᠤᠯᠵᠤ ᠂ ᠰᠠᠯᠠᠭ᠎ᠠ ᠵᠠᠮ ᠤᠨ ᠡᠷᠬᠡ ᠪᠡᠷ ᠰᠠᠯᠤᠯ᠎ᠠ ᠃ ᠭᠡᠪᠡᠴᠤ ᠲᠠ ᠨᠡᠷ ᠦᠨ ᠰᠠᠢᠨ ᠰᠠᠢᠬᠠᠨ ᠲᠤᠷᠠᠳᠭᠠᠯ ᠴᠢᠨᠢ ᠮᠦᠩᠬᠡ ᠶᠢᠨ ᠲᠠᠭᠤᠷᠢᠶᠠᠯ ᠪᠤᠯᠵᠤ ᠦᠯᠡᠳᠡᠨ᠎ᠡ ᠃ ᠡᠬᠡ ᠰᠤᠷᠭᠠᠭᠤᠯᠢ ᠳᠤ ᠪᠡᠨ ᠠᠪᠴᠢᠷᠠᠭᠰᠠᠨ ᠢᠷᠠᠭᠤ ᠠᠯᠳᠠᠷ ᠴᠢᠨᠢ ᠦᠨᠢᠳᠡ  ᠶᠢᠨ ᠲᠤᠷᠠᠰᠭᠠᠯ ᠪᠤᠯᠵᠤ ᠦᠯᠡᠳᠡᠨ᠎ᠡ ᠃ ᠰᠠᠢᠨ ᠤ ᠲᠦᠯᠦᠭᠡ ᠵᠢᠳᠬᠦᠭᠰᠡᠨ ᠬᠦᠭᠡᠷᠦᠬᠦᠨ ᠲᠦᠷᠢ ᠨᠦᠭᠦᠳ ᠴᠢᠨᠢ ᠭᠠᠩ ᠵᠢᠯ ᠦᠨ ᠬᠤᠷ᠎ᠠ ᠪᠤᠯᠵᠤ ᠦᠨᠢᠳᠡ ᠡᠬᠡ ᠰᠤᠷᠭᠠᠭᠤᠯᠢ ᠳᠤ ᠪᠡᠨ ᠰᠢᠪᠡᠷᠡᠨ᠎ᠡ ᠃ ᠰᠤᠷᠬᠤ ᠶᠢᠨ ᠲᠦᠯᠦᠭᠡ ᠮᠡᠷᠡᠢᠵᠤ ᠶᠠᠪᠤᠭᠰᠠᠨ ᠡᠷᠬᠢᠮᠰᠦᠭ ᠠᠭᠠᠯᠢ ᠴᠢᠨᠢ ᠬᠠᠷᠠᠩᠭᠤᠢ ᠰᠦᠨᠢ ᠶᠢᠨ ᠴᠠᠮᠬᠠᠭ ᠪᠤᠯᠵᠤ ᠡᠬᠦᠷᠢᠳᠡ ᠲᠡᠬᠦᠦ ᠨᠠᠷ ᠢᠶᠠᠨ ᠵᠢᠯᠤᠭᠤᠳᠤᠨ᠎ᠠ ᠃ ᠡᠨᠡ ᠬᠦ ᠭᠤᠷᠪᠠᠨ ᠵᠢᠯ ᠦᠨ ᠲᠤᠷᠰᠢ ᠂ ᠲᠠ ᠨᠡᠷ ᠪᠢᠳᠡᠨ ᠦ ᠰᠤᠷᠭᠠᠯ ᠢ ᠦᠳᠡᠭᠡᠷᠭᠡᠭᠰᠡᠨ ᠦᠬᠡᠢ ᠳᠦ ᠤᠮᠤᠭᠰᠢᠨ ᠪᠠᠶᠠᠷᠯᠠᠵᠤ ᠪᠠᠢᠨ᠎ᠠ ᠃ ᠬᠠᠳᠠᠭᠤ ᠪᠡᠷ ᠰᠠᠨᠠᠳᠠᠭ ᠬᠠᠢᠷ᠎ᠠ ᠶᠢ ᠤᠬᠠᠭᠠᠯᠢᠭ ᠢᠶᠠᠷ ᠤᠢᠯᠠᠭᠠᠨ ᠲᠦᠬᠦᠭᠡᠷᠳᠡᠭ ᠤᠢ   ᠪᠢᠯᠢᠭ᠌ ᠢ ᠴᠢᠨᠢ ᠪᠢᠰᠢᠷᠡᠵᠦ ᠪᠠᠢᠨ᠎ᠠ ᠃

      ᠠᠭᠤᠷᠯᠠᠵᠤ ᠢᠨᠢᠶᠡᠵᠤ ᠨᠢᠬᠡᠨ ᠠᠩᠬᠢ ᠳᠤ ᠰᠤᠷᠤᠯᠴᠠᠵᠤ ᠂ ᠤᠢᠳᠤᠨ ᠬᠤᠯᠠᠳᠴᠤ ᠂ ᠤᠬᠢᠯᠠᠨ ᠤᠢᠷᠠᠳᠤᠵᠤ ᠶᠠᠪᠤᠭᠰᠠᠨ ᠡᠬᠡ ᠰᠤᠷᠭᠠᠭᠤᠯᠢ ᠡᠴᠡ ᠪᠡᠨ ᠰᠠᠯᠬᠤ ᠪᠤᠯᠤᠯ᠎ᠠ ᠃ ᠲᠡᠬᠦᠰᠬᠦ ᠪᠡᠷ ᠪᠠᠢᠭ᠎ᠠ ᠰᠤᠷᠤᠭᠴᠢᠳ ᠮᠢᠨᠢ ᠡ ᠂ ᠡᠨᠡ ᠬᠦ ᠭᠤᠷᠪᠠᠨ ᠵᠢᠯ ᠦᠨ ᠰᠤᠷᠤᠯᠭ᠎ᠠ ᠲᠡᠬᠦᠰᠦᠭᠰᠡᠨ ᠴᠤ ᠡᠷᠳᠡᠮ ᠨᠤᠮ ᠢ ᠰᠤᠷᠬᠤ ᠶᠢᠨ  ᠠᠶᠠᠯᠠᠯ  ᠲᠡᠬᠦᠰᠦᠭᠡ ᠦᠬᠡᠢ ᠰᠢᠦ᠃ ᠡᠷᠡᠨ ᠴᠠᠭ ᠤᠨ ᠠᠯᠬᠤᠭ᠎ᠠ ᠶᠢ ᠲᠠᠭᠠᠵᠤ ᠪᠦᠮᠪᠦᠷᠴᠡᠭ ᠦᠨ ᠴᠠᠭᠠᠨ᠎ᠠ ᠣᠴᠢᠯ᠎ᠠ ᠴᠤ ᠭᠡᠰᠡᠨ ᠲᠠᠯ᠎ᠠ ᠪᠠᠨ ᠰᠢᠭ ᠠᠭᠤᠵᠢᠮ ᠰᠡᠳᠬᠢᠯᠳᠤ ᠬᠦᠮᠦᠰ ᠦᠨ ᠲᠠᠰᠤᠷᠬᠠᠢ ᠭᠡᠳᠡᠭ ᠢᠶᠡᠨ ᠮᠡᠷᠳᠡᠵᠤ ᠪᠤᠯᠬᠤ ᠦᠬᠡᠢ ᠃ ᠡᠷᠳᠡᠮ ᠮᠡᠳᠡᠯᠭᠡ ᠶᠢᠨ ᠤᠷᠬᠢᠯ ᠳᠤ ᠬᠦᠭᠡᠷᠴᠦ ᠰᠠᠨᠰᠠᠷ ᠲᠤ ᠬᠦᠯ ᠢᠶᠡᠨ ᠲᠠᠯᠪᠢᠯ᠎ᠠ ᠴᠤ ᠭᠡᠰᠡᠨ ᠦᠯᠦᠭᠡᠢ ᠪᠤᠯᠤᠭᠰᠠᠨ ᠮᠤᠩᠭᠤᠯ ᠨᠤᠳᠤᠭ ᠢᠶᠠᠨ ᠬᠡᠵᠢᠶ᠎ᠡ ᠡᠬᠦᠷᠢᠳᠡ ᠬᠠᠶᠠᠵᠤ ᠪᠤᠯᠬᠤ ᠦᠬᠡᠢ᠃ ᠰᠤᠷᠬᠤ ᠶᠢᠨ ᠦᠨᠳᠤᠷ ᠲᠤ ᠲᠡᠬᠦᠯᠢᠵᠤ ᠶᠢᠰᠦᠨ ᠬᠡᠯᠡ ᠲᠠᠢ ᠪᠤᠯᠤᠯ᠎ᠠ ᠴᠤ ᠭᠡᠰᠡᠨ ᠠᠩᠬ᠎ᠠ ᠬᠡᠯᠡ ᠳᠦ ᠤᠷᠤᠭᠤᠯᠵᠤ ᠂ ᠬᠦᠮᠦᠨ ᠪᠤᠯᠭᠠᠭᠰᠠᠨ ᠲᠦᠷᠦᠯᠬᠢ ᠬᠡᠯᠡ ᠰᠤᠶᠤᠯ ᠢᠶᠠᠨ ᠡᠨᠡ ᠨᠠᠰᠤᠨ ᠳᠤ ᠪᠡᠨ ᠤᠷᠬᠢᠵᠤ ᠪᠤᠯᠬᠤ ᠦᠬᠡᠢ᠃ ᠪᠤᠷᠤᠬᠤᠳᠠ ᠶᠢᠨ ᠵᠢᠵᠢᠭᠬᠡᠨ ᠵᠠᠢ ᠳᠤ ᠬᠦᠮᠦᠵᠢᠭᠳᠡᠭᠰᠡᠨ ᠰᠢᠯᠢᠳᠡᠭ ᠰᠤᠷᠳᠠᠯ ᠢᠶᠠᠨ ᠰᠠᠨᠠᠵᠤ ᠶᠠᠪᠤᠭᠠᠷᠠᠢ ᠃ ᠪᠤᠳᠤᠯ ᠤᠬᠠᠭᠠᠨ ᠢ ᠴᠢᠨᠢ ᠲᠠᠯᠠᠵᠤ ᠶᠠᠪᠤᠭᠰᠠᠨ ᠠᠴᠢᠳᠤ ᠪᠠᠭᠰᠢ ᠨᠠᠷ ᠢᠶᠠᠨ ᠲᠤᠷᠠᠰᠴᠤ ᠶᠠᠪᠤᠭᠠᠷᠠᠢ ᠃ ᠢᠷᠡᠭᠡᠳᠤᠢ ᠬᠡᠬᠡᠨ ᠰᠠᠷᠠᠭᠤᠯ ᠴᠤ ᠵᠠᠮ ᠨᠢ ᠮᠤᠷᠤᠢ ᠰᠠᠷᠤᠢ ᠪᠠᠢᠬᠤ ᠨᠢ ᠯᠠᠪᠳᠠᠢ ᠃ ᠡᠢᠮᠦ ᠡᠴᠡ ᠬᠦᠴᠢᠷ ᠪᠡᠷᠭᠡ ᠡᠴᠡ ᠰᠢᠨᠳᠠᠷᠠᠯ ᠦᠬᠡᠢ ᠴᠢᠷᠮᠠᠢᠵᠤ  ᠪᠠᠢᠭᠠᠷᠠᠢ ᠲᠡᠬᠦᠦ ᠨᠠᠷ ᠮᠢᠨᠢ ᠡ ︕ ᠡᠴᠤᠰ ᠲᠤ ᠤᠳᠠᠯ ᠦᠬᠡᠢ ᠬᠦᠷᠴᠤ ᠢᠷᠡᠬᠦ ᠬᠠᠳᠠᠭᠤ ᠰᠤᠷᠢᠯᠳᠠ ᠳᠤ ᠪᠡᠨ ᠬᠢᠯᠡᠯᠵᠠᠮ᠎ᠠ ᠠᠮᠵᠢᠯᠳᠠ ᠤᠯᠵᠤ ᠂ᠡᠴᠢᠭᠡ ᠡᠬᠡ ᠂ ᠡᠯᠢᠭᠡᠨ ᠰᠠᠳᠤᠨ ᠂ ᠪᠠᠭᠰᠢ ᠨᠦᠬᠦᠳ ᠂ ᠡᠬᠡ ᠰᠤᠷᠭᠠᠭᠤᠯᠢ ᠪᠡᠨ ᠪᠠᠶᠠᠰᠭᠠᠬᠤ ᠪᠤᠯᠳᠤᠭᠠᠢ︕

      ᠪᠠᠶᠠᠷᠳᠠᠢ ᠰᠤᠷᠤᠭᠴᠢᠳ ᠮᠢᠨᠢ ︕ ᠰᠠᠷᠠᠭᠤᠯ ᠠᠭᠤᠳᠠᠮ ᠢᠷᠡᠭᠡᠳᠤᠢ ᠵᠦᠭ ᠢᠶᠡᠨ ᠰᠠᠨᠠᠭ᠎ᠠ ᠠᠮᠤᠷ ᠤᠷᠤᠭᠰᠢᠯᠠᠭᠠᠷᠠᠢ ︕ ᠰᠠᠨᠠᠵᠤ ᠬᠦᠰᠡᠭᠰᠡᠨ ᠪᠦᠬᠦᠨ ᠴᠢᠨᠢ ᠰᠡᠳᠬᠢᠴᠢᠯᠡᠨ ᠪᠠᠶᠡᠯᠡᠭᠳᠡᠬᠦ  ᠶᠤᠮ ᠡ︕ ᠠᠵᠠ ᠬᠡᠢᠮᠦᠷᠢ ᠂ ᠠᠯᠢᠪᠠ ᠰᠠᠢᠨ ᠰᠠᠢᠬᠠᠨ ᠲᠠ ᠨᠡᠷ ᠢ ᠢᠪᠡᠭᠡᠬᠦ ᠪᠤᠯᠳᠤᠭᠠᠢ ︕

                   ᠪᠠᠭᠰᠢ ᠶᠢᠨ ᠲᠦᠯᠦᠭᠡᠯᠡᠭᠴᠢ ᠡᠴᠡ

                                                                   2019᠍ · 6᠎ · 2        

                                             

 

 

 

 

 

 

 

 

 

 

                            

                 

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )