ᠵᠢᠭᠠᠨ ᠰᠤᠷᠭᠠᠯᠲᠠ
ᠭᠧᠷᠮᠠᠨ ᠤᠯᠤᠰ ᠤᠨ ᠬᠡᠦᠬᠡᠳ ᠤᠨ ᠴᠡᠴᠡᠷᠯᠢᠭ ᠮᠠᠨ ᠳᠦ ᠶᠠᠮᠠᠷ ᠰᠡᠩᠭᠡᠷᠡᠬᠦᠯᠤᠯ ᠣᠯᠭᠤᠭᠰᠠᠨ ᠪᠤᠢ ︖
2017.05.26 ᠲᠣᠰ ᠥᠷᠲᠡᠭᠡᠨ ᠦ ᠨᠠᠢᠷᠠᠭᠤᠯᠤᠭᠴᠢ

 

       ‍᠎  ᠣᠷᠴᠢᠮ ᠰᠦᠯᠵᠢᠶᠡᠨ ᠳᠡᠭᠡᠷ᠎ᠡ ᠡᠴᠡ ᠭᠧᠷᠮᠠᠨ ᠤ ᠬᠡᠦᠬᠡᠳ ᠤᠨ ᠴᠡᠴᠡᠷᠯᠢᠭ ᠤᠨ ᠲᠤᠬᠠᠢ ᠨᠢᠬᠡᠨ ᠮᠡᠳᠡᠭᠡᠯᠡᠯ ᠢ ᠣᠯᠵᠤ ᠦᠵᠡᠭᠡᠳ ᠲᠤᠩ ᠶᠡᠬᠡ ᠰᠡᠩᠬᠡᠷᠡᠭᠦᠯᠦᠯ  ᠤᠯᠪᠠ ᠃ ᠭᠧᠷᠮᠠᠨ ᠤ ᠬᠡᠦᠬᠡᠳ ᠤᠨ ᠴᠡᠴᠡᠷᠯᠢᠭ ᠳᠡᠭᠡᠨ ᠭᠤᠷᠪᠠᠨ ᠵᠢᠯ ᠴᠣᠬᠤᠮ ᠶᠠᠭᠤ ᠰᠤᠷᠴᠤ ᠭᠠᠷᠤᠭᠰᠠᠨ ᠲᠤᠬᠠᠢ ᠮᠡᠳᠡᠭᠡᠯᠡᠪᠡ ᠃ ᠭᠧᠷᠮᠠᠨ ᠤ ᠬᠡᠦᠬᠡᠳ ᠭᠤᠷᠪᠠᠨ ᠵᠢᠯ ᠤᠨ 4000᠎ ᠴᠠᠭ ᠲᠦ ᠶᠠᠭᠤ ᠰᠤᠷᠳᠠᠭ ᠪᠤᠢ ︖ ᠳᠣᠣᠷᠠᠬᠢ ᠶᠢ ᠰᠤᠷᠤᠨ᠎ᠠ ᠭᠡᠵᠦ ᠮᠡᠳᠡᠭᠡᠯᠡᠵᠤ ᠪᠤᠢ ᠃ ᠭᠤᠷᠪᠠᠨ ᠵᠢᠯ ᠳᠦ ᠄

    ♦ ᠴᠠᠭᠳᠠᠭ᠎ᠠ ᠶᠢᠨ ᠲᠣᠪᠴᠢᠶᠠᠨ ᠳᠦ ᠣᠴᠢᠵᠤ ᠴᠠᠭᠳᠠᠭ᠎ᠠ ᠨᠠᠷ ᠮᠠᠭᠤ ᠬᠥᠮᠦᠨ ᠢ ᠪᠠᠷᠢᠪᠴᠢᠯᠠᠵᠤ ᠶᠠᠭᠠᠬᠢᠵᠤ ᠰᠢᠢᠳᠪᠦᠷᠢᠯᠡᠵᠦ ᠪᠠᠢᠬᠤ ᠶᠢ ᠣᠯᠵᠤ ᠮᠡᠳᠡᠨ᠎ᠡ ᠃

    ♦ ᠭᠠᠯ ᠤᠨᠲᠠᠷᠠᠭᠠᠬᠤ ᠲᠣᠪᠴᠢᠶᠠᠨ ᠳᠦ ᠣᠴᠢᠵᠤ ᠭᠠᠯ ᠤᠨᠲᠠᠷᠠᠭᠠᠬᠤ ᠴᠠᠭᠳᠠᠭ᠎ᠠ ᠨᠠᠷ ᠬᠡᠷᠬᠢᠨ ᠭᠠᠯ ᠤᠨᠲᠠᠷᠠᠭᠠᠵᠤ ᠪᠠᠢᠭ᠎ᠠ ᠮᠡᠳᠡᠯᠭᠡ ᠶᠢ ᠣᠯᠵᠤ ᠰᠤᠷᠤᠨ᠎ᠠ ᠃

    ♦ ᠰᠢᠤᠳᠠᠨ ᠤ ᠲᠣᠪᠴᠢᠶᠠᠨ ᠳᠦ ᠣᠴᠢᠵᠤ ᠴᠢᠮᠡᠭᠡ ᠶᠢ ᠶᠠᠭᠠᠬᠢᠵᠤ ᠭᠤᠪᠢᠭᠤᠯᠵᠤ ᠪᠠᠢᠬᠤ ᠶᠢ ᠮᠡᠳᠡᠨ᠎ᠡ ᠃

    ♦ ᠬᠤᠳᠠ ᠶᠢᠨ ᠵᠠᠰᠠᠭ ᠤᠨ ᠣᠷᠳᠤᠨ ᠳᠦ ᠣᠴᠢᠵᠤ ᠂ ᠬᠤᠳᠠ ᠶᠢᠨ ᠳᠠᠷᠤᠭ᠎ᠠ ᠶᠢ ᠲᠠᠨᠢᠵᠤ ᠂ ᠬᠤᠳᠠ ᠶᠢᠨ ᠢᠷᠭᠡᠳ ᠲᠡᠭᠡᠨ ᠶᠠᠭᠠᠬᠢᠵᠤ ᠦᠢᠯᠡᠴᠢᠯᠡᠵᠦ ᠪᠠᠢᠭ᠎ᠠ ᠶᠢ ᠮᠡᠳᠡᠨ᠎ᠡ᠃

    ♦ ᠴᠢᠯᠦᠭᠡᠲᠦ ᠳᠡᠯᠭᠡᠭᠦᠷ ᠲᠤ ᠣᠴᠢᠵᠤ ᠶᠠᠭᠠᠬᠢᠵᠤ ᠡᠳ᠋ ᠪᠠᠷᠠᠭ᠎ᠠ ᠬᠤᠳᠠᠯᠳᠤᠨ ᠠᠪᠴᠤ ᠪᠠᠢᠭ᠎ᠠ ᠶᠢ ᠮᠡᠳᠡᠨ᠎ᠡ ᠃

    ♦ ᠨᠣᠮ ᠤᠨ ᠰᠠᠩ ᠳᠦ ᠣᠴᠢᠵᠤ ᠂ ᠶᠠᠭᠠᠬᠢᠵᠤ ᠨᠣᠮ ᠵᠢᠭᠡᠯᠡᠬᠦ᠂ ᠨᠣᠮ ᠢᠶᠠᠨ ᠬᠡᠷᠬᠢᠨ ᠪᠤᠴᠠᠭᠠᠵᠤ ᠪᠠᠢᠭ᠎ᠠ ᠶᠢ ᠮᠡᠳᠡᠨ᠎ᠡ᠃  

    ♦ ᠴᠠᠬᠢᠯᠭᠠᠨ ᠮᠠᠰᠢᠨ ᠲᠡᠷᠭᠡᠨ ᠳᠦ ᠰᠠᠭᠤᠵᠤ ᠂ ᠬᠡᠷ ᠲᠡᠭᠡᠨ ᠬᠠᠷᠢᠬᠤ ᠵᠠᠮ ᠮᠥᠷ ᠢᠶᠠᠨ ᠤᠯᠬᠤ ᠶᠢ ᠰᠤᠷᠤᠨ᠎ᠠ ᠃

    ♦ ᠪᠠᠭᠰᠢ ᠲᠠᠢ ᠬᠠᠮᠲᠤ ᠬᠡᠲᠦ ᠳᠡᠯᠭᠡᠭᠦᠷ ᠲᠤ ᠣᠴᠢᠵᠤ ᠶᠠᠭᠠᠬᠢᠵᠤ ᠵᠣᠭᠤᠰ ᠥᠭᠴᠦ ᠪᠠᠢᠬᠤ ᠂ ᠪᠠᠷᠠᠭ᠎ᠠ ᠪᠠᠨ ᠬᠡᠷᠬᠢᠨ ᠰᠣᠩᠭᠤᠵᠤ ᠪᠠᠢᠭ᠎ᠠ ᠶᠢ ᠰᠤᠷᠤᠨ᠎ᠠ ᠃

    ♦ ᠲᠤᠭᠤᠷ ᠬᠤᠷᠢᠶᠠᠬᠤ ᠴᠠᠭ ᠲᠦ ᠲᠤᠭᠤᠷ ᠤᠨ ᠬᠦᠷᠢᠶᠡᠯᠡᠩ ᠳᠦ ᠣᠴᠢᠵᠤ ᠂ ᠲᠤᠭᠤᠷ ᠢᠶᠠᠨ ᠬᠡᠷᠬᠢᠨ ᠬᠤᠷᠢᠶᠠᠨ ᠠᠪᠴᠤ ᠪᠠᠢᠭ᠎ᠠ ᠶᠢ ᠮᠡᠳᠡᠨ᠎ᠡ ᠃

    ♦ ᠦᠪᠡᠳᠡᠭᠰᠢ ᠶᠡᠬᠡ ᠢᠰᠦ᠋ᠰ ᠤᠨ ᠪᠠᠶᠠᠷ ᠲᠦ ᠣᠴᠢᠵᠤ ᠂ ᠢᠰᠦ᠋ᠰ ᠡᠪᠦᠭᠡᠨ ᠬᠡᠷᠬᠢᠨ ᠪᠡᠯᠡᠭ ᠰᠡᠯᠲᠡ ᠭᠠᠷᠳᠠᠭᠤᠯᠵᠤ ᠪᠠᠢᠭ᠎ᠠ ᠪᠠ ᠬᠥᠮᠦᠰ ᠬᠡᠷᠬᠢᠨ ᠪᠡᠯᠡᠭ ᠢ ᠨᠢ ᠠᠪᠴᠤ ᠪᠠᠢᠭ᠎ᠠ ᠶᠢ ᠮᠡᠳᠡᠨ᠎ᠡ ᠃

     ᠮᠦᠨ ᠡᠨᠡᠬᠦ ᠭᠤᠷᠪᠠᠨ ᠵᠢᠯ ᠳᠦ ᠂ ᠬᠡᠦᠬᠡᠳ ᠨᠠᠭᠠᠳᠤᠮ ᠤᠨ ᠪᠠᠭᠠᠵᠢ ᠪᠠᠨ ᠬᠡᠷᠬᠢᠨ ᠵᠠᠰᠠᠨ ᠰᠡᠯᠪᠢᠬᠤ ᠶᠢ ᠰᠤᠷᠴᠤ ᠂ ᠥᠪᠡᠷ ᠤᠨ ᠴᠠᠭ ᠢᠶᠠᠨ ᠬᠡᠷᠬᠢᠨ ᠬᠠᠮᠢᠶᠠᠷᠬᠤ ᠂ ᠥᠪᠡᠷ ᠢᠶᠠᠨ ᠬᠡᠷᠬᠢᠨ ᠪᠣᠯᠵᠤᠭ᠎ᠠ ᠲᠣᠭᠲᠠᠬᠤ ᠂ ᠥᠪᠡᠷ ᠤᠨ ᠲᠦᠯᠤᠪᠯᠡᠯᠭᠡ ᠪᠠ ᠬᠡᠷᠬᠢᠨ ᠲᠣᠭᠲᠠᠬᠤ ᠂ ᠥᠪᠡᠷ ᠢᠶᠠᠨ ᠬᠡᠷᠬᠢᠨ ᠬᠤᠪᠴᠠᠰᠤ ᠬᠤᠨᠠᠷ ᠰᠣᠩᠭᠤᠬᠤ ᠂ ᠥᠪᠡᠷ ᠤᠨ ᠡᠳ᠋ ᠪᠠᠷᠠᠭ᠎ᠠ ᠪᠠᠨ ᠬᠡᠷᠬᠢᠨ ᠲᠡᠭᠰᠢᠯᠡᠬᠦ ᠂ ᠤᠴᠢᠷ ᠲᠤᠬᠢᠶᠠᠯᠳᠤᠪᠠᠯ ᠥᠪᠡᠷ ᠢᠶᠠᠨ ᠬᠡᠷᠬᠢᠨ ᠴᠠᠭᠳᠠᠭ᠎ᠠ ᠳᠦ ᠮᠡᠳᠡᠭᠦᠯᠬᠦ ᠵᠡᠷᠭᠡ ᠵᠡᠷᠭᠡ ᠶᠢ ᠰᠤᠷᠴᠤ ᠮᠡᠳᠡᠬᠦ ᠪᠣᠯᠤᠨ᠎ᠠ ᠃  

     ᠡᠢᠮᠦ ᠡᠴᠡ ᠪᠠᠨ ᠳᠡᠯᠡᠬᠡᠢ ᠳᠡᠭᠡᠷ᠎ᠡ ᠵᠢᠷᠭᠤᠭᠠᠨ ᠨᠠᠰᠤ ᠬᠦᠷᠦᠭᠰᠡᠨ  ᠭᠧᠷᠮᠠᠨ ᠤ ᠬᠡᠦᠬᠡᠳ ᠤᠨ ᠠᠮᠢᠳᠤᠷᠠᠯ ᠤᠨ ᠴᠢᠳᠠᠪᠤᠷᠢ ᠲᠤᠩ ᠰᠠᠢᠨ ᠪᠠᠢᠳᠠᠭ ᠭᠡᠵᠦ ᠦᠨᠡᠯᠡᠵᠦ ᠪᠠᠢᠨ᠎ᠠ ᠃ ᠭᠧᠷᠮᠠᠨ ᠤ ᠬᠡᠦᠬᠡᠳ ᠤᠨ ᠴᠡᠴᠡᠷᠯᠢᠭ ᠤᠨ ᠰᠤᠷᠭᠠᠨ ᠬᠥᠮᠦᠵᠢᠯ ᠨᠢ ᠬᠣᠶᠠᠷ ᠲᠠᠯ᠎ᠠ ᠶᠢ ᠲᠤᠩ ᠴᠢᠬᠤᠯᠠᠴᠢᠯᠠᠳᠠᠭ ᠃

     ᠨᠢᠭᠡ ᠨᠢ ᠣᠷᠴᠢᠨ ᠲᠣᠭᠤᠷᠢᠨ ᠤ ᠬᠥᠮᠦᠵᠢᠯ ᠢ ᠴᠢᠩᠭᠠᠳᠭᠠᠨ᠎ᠠ ︔

     ᠬᠣᠶᠠᠷ ᠨᠢ ᠂ ᠡᠳᠦᠷ ᠲᠤᠲᠤᠮ ᠤᠨ ᠬᠥᠮᠦᠵᠢᠯ ᠢ ᠴᠢᠩᠭᠠᠳᠭᠠᠨ᠎ᠠ ︔

     ᠬᠡᠦᠬᠡᠳ ᠤᠨ ᠴᠡᠴᠡᠷᠯᠢᠭ ᠤᠨ ᠰᠤᠷᠭᠠᠨ ᠬᠥᠮᠦᠵᠢᠯ ᠳᠦ ᠪᠠᠨ ᠮᠡᠳᠡᠯᠭᠡ ᠶᠢᠨ ᠵᠢᠭᠠᠨ ᠰᠤᠷᠭᠠᠯᠲᠠ ᠶᠢᠨ ᠣᠢᠯᠠᠭᠠᠭᠳᠠᠬᠤᠨ ᠢ ᠣᠷᠤᠭᠤᠯᠳᠠᠭ ᠦᠭᠡᠢ ᠃ ᠭᠧᠷᠮᠠᠨ ᠤ ᠬᠡᠦᠬᠡᠳ ᠤᠨ ᠴᠡᠴᠡᠷᠯᠢᠭ ᠲᠠᠢ ᠬᠠᠷᠢᠴᠠᠭᠤᠯᠵᠤ ᠂ ᠮᠠᠨ ᠤ ᠤᠯᠤᠰ ᠤᠨ ᠬᠡᠦᠬᠡᠳ ᠴᠡᠴᠡᠷᠯᠢᠭ ᠨᠢ ᠮᠡᠳᠡᠯᠭᠡ ᠶᠢᠨ ᠣᠢᠯᠠᠭᠠᠭᠳᠠᠬᠤᠨ ᠢᠶᠠᠷ ᠭᠣᠣᠯ ᠪᠣᠯᠭᠠᠵᠤ ᠠᠩᠭ᠍ᠯᠢ ᠬᠡᠯᠡ ᠂ ᠲᠣᠭ᠎ᠠ ᠪᠣᠳᠤᠯᠭ᠎ᠠ ᠂ ᠬᠡᠯᠡ ᠂ ᠵᠢᠷᠤᠭ ᠂ ᠳᠠᠭᠤᠤ ᠬᠡᠬᠦᠴᠢᠯᠠᠨ ᠰᠤᠷᠭᠠᠵᠤ ᠂ ᠥᠯᠦᠭᠡᠢ ᠡᠴᠡ ᠨᠢ ᠡᠯ᠎ᠡ ᠵᠦᠢᠯ ᠤᠨ ᠬᠥᠮᠦᠵᠢᠯ ᠬᠢᠳᠡᠭ ᠃ ᠣᠷᠴᠢᠮ ᠳᠦ ᠪᠣᠯᠵᠤ ᠢᠷᠡᠭᠡᠳ ᠡᠨᠡᠬᠦ ᠪᠠᠢᠳᠠᠯ ᠨᠢ ᠵᠢᠭᠠᠬᠠᠨ ᠵᠦᠭᠰᠢᠷᠡᠵᠤ ᠪᠤᠢ ᠃ ᠮᠡᠳᠡᠯᠭᠡ ᠶᠢᠨ ᠣᠢᠯᠠᠭᠠᠭᠳᠠᠬᠤᠨ ᠢ ᠴᠡᠴᠡᠷᠯᠢᠭ ᠡᠴᠡ ᠵᠢᠭᠠᠬᠠᠨ ᠵᠠᠢᠳᠠᠭᠤᠯᠵᠤ ᠪᠠᠢᠨ᠎ᠠ ᠃ ᠭᠡᠪᠡᠴᠦ ᠵᠠᠷᠢᠮ ᠭᠠᠵᠠᠷ ᠣᠷᠤᠨ ᠳᠦ ᠪᠠᠰᠠ ᠣᠷᠤᠰᠢᠭᠰᠠᠭᠠᠷ ᠁ ᠃

     ᠭᠧᠷᠮᠠᠨ ᠤᠯᠤᠰ ᠤᠨ ᠡᠨᠡᠬᠦ ᠪᠠᠢᠳᠠᠯ ᠨᠢ ᠬᠡᠦᠬᠡᠳ ᠤᠨ ᠦᠰᠦᠨ ᠪᠣᠢᠵᠢᠬᠤ ᠳᠦ ᠠᠰᠢᠭ ᠲᠠᠢ ᠪᠠᠢᠳᠠᠭ ᠃ ᠤᠯᠤᠰ ᠤᠨ ᠴᠡᠴᠡᠷᠯᠢᠭ ᠤᠨ ᠪᠠᠭᠰᠢ ᠨᠠᠷ ᠴᠤ  ᠭᠡᠰᠡᠨ ᠬᠤᠪᠢ ᠬᠥᠮᠦᠨ ᠢᠶᠠᠷ ᠡᠷᠬᠢᠯᠡᠵᠦ ᠪᠠᠢᠭ᠎ᠠ ᠬᠡᠦᠬᠡᠳ ᠤᠨ ᠴᠡᠴᠡᠷᠯᠢᠭ ᠤᠨ ᠪᠠᠭᠰᠢ ᠨᠠᠷ  ᠴᠤ ᠭᠡᠰᠡᠨ ᠬᠡᠦᠬᠡᠳ ᠤᠨ ᠬᠡᠷᠡᠭᠴᠡᠭᠡ ᠶᠢᠨ ᠰᠤᠷᠭᠠᠨ ᠬᠥᠮᠦᠵᠢᠯ ᠢᠶᠠᠷ ᠰᠠᠭᠤᠷᠢ ᠪᠣᠯᠭᠠᠵᠤ ᠂ ᠴᠡᠴᠡᠷᠯᠢᠭ ᠢᠶᠠᠨ ᠬᠡᠦᠬᠡᠳ ᠤᠨ ᠴᠢᠯᠦᠭᠡ ᠲᠠᠢ ᠨᠠᠭᠠᠳᠤᠮ ᠴᠡᠩᠭᠡᠯ ᠤᠨ ᠣᠷᠳᠤᠨ ᠪᠣᠯᠭᠠᠵᠤ ᠂ ᠰᠤᠷᠭᠠᠭᠤᠯᠢ ᠪᠠ ᠴᠡᠴᠡᠷᠯᠢᠭ ᠢ ᠢᠯᠭᠠᠨ ᠰᠠᠯᠭᠠᠵᠤ ᠡᠷᠬᠢᠯᠡᠬᠦ ᠨᠢ ᠳᠡᠯᠡᠬᠡᠢ ᠶᠢᠨ ᠱᠠᠭᠠᠷᠳᠠᠯᠭ᠎ᠠ ᠳᠦ ᠨᠡᠢᠴᠡᠨ᠎ᠡ ᠃

    ᠣᠷᠴᠢᠮ ᠤᠨ ᠵᠢᠯ ᠤᠨ ᠪᠦᠷᠢᠳᠭᠡᠯ ᠢᠶᠠᠷ ᠂ ᠮᠠᠨ ᠤ ᠤᠯᠤᠰ ᠤᠨ ᠬᠡᠦᠬᠡᠳ ᠤᠨ ᠴᠡᠴᠡᠷᠯᠢᠭ 33᠎ ᠲᠦᠮᠡ ᠂ ᠠᠷᠠᠳ ᠡᠴᠡ ᠡᠷᠬᠢᠯᠡᠵᠦ ᠪᠠᠢᠭ᠎ᠠ ᠬᠡᠦᠬᠡᠳ ᠤᠨ ᠴᠡᠴᠡᠷᠯᠢᠭ 20᠎ ᠲᠦᠮᠡ ᠪᠤᠢ ᠃ ᠡᠳᠡᠭᠡᠷ ᠴᠡᠴᠡᠷᠯᠢᠭ ᠨᠢ ᠤᠯᠤᠰ ᠦᠨᠳᠦᠰᠦᠲᠡᠨ ᠤ ᠰᠠᠢᠨ ᠰᠠᠢᠬᠠᠨ ᠢᠷᠡᠭᠡᠳᠤᠢ ᠶᠢ ᠠᠪᠴᠢᠷᠠᠬᠤ ᠬᠡᠦᠬᠡᠳ ᠢ ᠬᠦᠮᠤᠵᠢᠬᠦᠯᠵᠤ ᠪᠠᠢᠭ᠎ᠠ ᠶᠤᠮ ᠰᠢᠤ ᠃ ᠳᠡᠯᠡᠬᠡᠢ ᠳ᠋ᠠᠬᠢᠨ ᠂ ᠣᠨᠴᠠᠭᠠᠢᠯᠠᠨ ᠬᠥᠭᠵᠢᠭᠰᠡᠨ ᠤᠯᠤᠰ ᠲᠠᠢ ᠥᠷᠢᠰᠦᠯᠳᠦᠬᠦ ᠭᠡᠪᠡᠯ ᠬᠡᠦᠬᠡᠳ ᠤᠨ ᠴᠡᠴᠡᠷᠯᠢᠭ ᠢ ᠵᠢᠩᠬᠢᠨᠢ ᠬᠡᠦᠬᠡᠳ ᠤᠨ ᠴᠡᠴᠡᠷᠯᠢᠭ ᠪᠣᠯᠭᠠᠬᠤ ᠴᠢᠬᠤᠯᠠ ᠲᠠᠢ ᠪᠢᠯᠡ ᠃ ᠲᠠᠰᠢᠷᠠᠮ ᠳᠦ ᠂ ᠮᠠᠨ ᠤ ᠮᠣᠩᠭᠤᠯ ᠦᠨᠳᠦᠰᠦᠲᠡᠨ ᠤ ᠬᠡᠦᠬᠡᠳ ᠴᠡᠴᠡᠷᠯᠢᠭ ᠢᠶᠠᠨ ᠵᠢᠩᠬᠢᠨᠢ ᠮᠣᠩᠭᠤᠯ ᠬᠡᠦᠬᠡᠳ ᠤᠨ ᠴᠡᠴᠡᠷᠯᠢᠭ ᠪᠣᠯᠭᠠᠶ᠎ᠠ ᠬᠡᠮᠡᠪᠡᠰᠤ ᠬᠡᠦᠬᠡᠳ ᠢ ᠬᠥᠮᠦᠵᠢᠭᠦᠯᠬᠦ ᠵᠢᠮ᠎ᠡ ᠶᠣᠰᠤ ᠪᠡᠷ ᠂ ᠪᠤᠰᠤᠳ ᠤᠯᠤᠰ ᠭᠦᠷᠦᠨ ᠤ ᠰᠠᠢᠨ ᠲᠤᠷᠰᠢᠯᠭ᠎ᠠ ᠶᠢ ᠲᠣᠯᠢ ᠪᠣᠯᠭᠠᠨ ᠂ ᠮᠤᠩᠭᠤᠯ  ᠦᠨᠳᠤᠰᠤᠳᠡᠨ ᠤ ᠣᠨᠴᠠᠯᠢᠭ ᠲᠤ ᠲᠣᠬᠢᠷᠠᠭᠤᠯᠵᠤ ᠡᠷᠬᠢᠯᠡᠬᠦ ᠬᠡᠷᠡᠭᠲᠡᠢ ᠶᠤᠮ ᠃ ᠡᠨᠡ ᠪᠣᠯ ᠭᠧᠷᠮᠠᠨ ᠤ ᠬᠡᠦᠬᠡᠳ ᠤᠨ ᠴᠡᠴᠡᠷᠯᠢᠭ ᠡᠷᠬᠢᠯᠡᠵᠦ ᠪᠠᠢᠭ᠎ᠠ ᠡᠴᠡ ᠣᠯᠤᠭᠰᠠᠨ ᠰᠡᠩᠭᠡᠷᠡᠬᠦᠯᠤᠯ ᠪᠠᠢᠭ᠎ᠠ ᠶᠤᠮ ᠃

                           ᠮᠠᠩᠭᠤᠳ ᠪᠥᠬᠡ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )