ᠵᠢᠭᠠᠨ ᠰᠤᠷᠭᠠᠯᠲᠠ
ᠤᠯᠠᠮᠵᠢᠯᠠᠯᠲᠤ ᠰᠤᠷᠭᠠᠨ ᠬᠥᠮᠦᠵᠢᠯ
2017.05.04 ᠲᠣᠰ ᠥᠷᠲᠡᠭᠡᠨ ᠦ ᠨᠠᠢᠷᠠᠭᠤᠯᠤᠭᠴᠢ





         ᠦᠢᠯᠡᠳᠪᠦᠷᠢᠯᠡᠯ ᠤᠨ ᠦᠢᠯᠡᠳᠦᠯᠭᠡ ᠪᠣᠯ ᠶᠠᠮᠠᠷ ᠴᠤ ᠨᠢᠭᠡᠨ ᠠᠷᠠᠰᠤᠲᠠᠨ ᠪᠠ ᠦᠨᠳᠦᠰᠦᠲᠡᠨ ᠤ ᠰᠤᠷᠭᠠᠨ ᠬᠥᠮᠦᠵᠢᠯ ᠤᠨ ᠡᠬᠢ ᠰᠤᠷᠪᠤᠯᠵᠢ ᠪᠣᠯᠤᠨ᠎ᠠ ᠃ ᠮᠣᠩᠭᠤᠯ ᠦᠨᠳᠦᠰᠦᠲᠡᠨ ᠴᠦ ᠭᠡᠰᠡᠨ ᠮᠥᠨ ᠡᠢᠮᠦ ᠪᠠᠢᠳᠠᠭ ᠃ ᠡᠷᠲᠡᠨ ᠤ ᠦᠶ᠎ᠡ ᠵᠢᠨ ᠮᠣᠩᠭᠤᠯᠴᠤᠳ ᠤᠨ ᠰᠤᠷᠭᠠᠨ ᠬᠥᠮᠦᠵᠢᠯ ᠴᠦ ᠮᠥᠨ ᠦᠢᠯᠡᠳᠪᠦᠷᠢᠯᠡᠯ ᠤᠨ ᠦᠢᠯᠡᠳᠦᠯᠭᠡ ᠡᠴᠡ ᠡᠬᠢᠯᠡᠭᠰᠡᠨ ᠶᠤᠮ ᠃ ᠡᠢᠮᠦ ᠡᠴᠡ ᠦᠢᠯᠡᠳᠪᠦᠷᠢᠯᠡᠯ ᠂ ᠴᠡᠷᠢᠭ ᠤᠨ ᠶᠠᠪᠤᠳᠠᠯ ᠬᠢᠭᠡᠳ ᠶᠣᠰᠤ ᠰᠤᠷᠲᠠᠬᠤᠨ ᠵᠡᠷᠭᠡ ᠲᠠᠯ᠎ᠠ ᠵᠢᠨ ᠮᠡᠳᠡᠯᠭᠡ ᠨᠢ ᠰᠠᠶᠢ ᠦᠶ᠎ᠡ ᠦᠶ᠎ᠡ ᠤᠯᠠᠮᠵᠢᠯᠠᠨ ᠢᠷᠡᠵᠦ ᠴᠢᠳᠠᠭᠰᠠᠨ ᠪᠢᠯᠡ ᠃ ᠡᠨᠡ ᠮᠡᠲᠦ ᠤᠯᠠᠮᠵᠢᠯᠠᠵᠤ ᠢᠷᠡᠭᠰᠡᠨ ᠡᠴᠡ ᠲᠡᠳᠡ ᠰᠠᠶᠢ ᠦᠢᠯᠡᠳᠪᠦᠷᠢᠯᠡᠯ ᠳᠤ ᠳᠠᠳᠮᠠᠭᠠᠢ ᠂ ᠡᠷᠬᠢᠮ ᠳᠡᠭᠡᠳᠦ ᠶᠣᠰᠤ ᠮᠤᠷᠠᠯ ᠲᠠᠢ ᠂ ᠮᠣᠷᠢᠨ ᠳᠤ ᠪᠠᠨ ᠭᠠᠷᠮᠠᠭᠠᠢ ᠂ ᠨᠠᠮᠨᠠᠬᠤ ᠳᠤ ᠪᠠᠨ ᠴᠢᠳᠠᠮᠠᠭᠠᠢ ᠪᠠᠭᠠᠲᠤᠷᠴᠤᠳ ᠪᠣᠯᠵᠤ ᠴᠢᠳᠠᠭᠰᠠᠨ ᠶᠤᠮ ᠃

        《 ᠮᠠᠷᠺᠤ ᠫᠣᠯᠣ ᠵᠢᠨ ᠵᠢᠭᠤᠯᠴᠢᠯᠠᠯ ᠤᠨ ᠲᠡᠮᠳᠡᠭᠯᠡᠯ 》‍᠎ ᠳᠤ ᠲᠡᠮᠳᠡᠭᠯᠡᠬᠦ ᠳᠤ ᠪᠠᠨ ᠄ 《 ᠲᠠᠲ᠋ᠠᠷ ᠬᠥᠮᠦᠨ ᠲᠡᠰᠪᠦᠷᠢᠯᠡᠬᠦ ᠬᠠᠲᠠᠭᠤ ᠵᠣᠷᠢᠭ ᠲᠠᠢ ᠪᠠᠢᠳᠠᠭ ᠃ ᠶᠠᠮᠠᠷ ᠴᠦ ᠪᠡᠷᠬᠡᠰᠢᠶᠡᠯ ᠡᠴᠡ ᠠᠶᠤᠬᠤ ᠦᠭᠡᠢ ᠪᠥᠭᠡᠳ ᠴᠢᠬᠤᠯᠠ ᠲᠠᠢ ᠦᠶ᠎ᠡ ᠳᠤ ᠵᠥᠪᠬᠡᠨ ᠴᠡᠭᠡ ᠪᠠᠷ ᠠᠮᠢ ᠭᠣᠣᠯ ᠢᠶᠡᠨ ᠵᠠᠯᠭᠠᠳᠠᠭ ᠃ ᠠᠷᠭ᠎ᠠ ᠮᠤᠬᠤᠷᠳᠠᠭᠰᠠᠨ ᠦᠶ᠎ᠡ ᠳᠤ ᠡᠯᠳᠡᠪ ᠲᠥᠷᠦᠯ ᠤᠨ ᠠᠷᠢᠶᠠᠳᠠᠨ  ᠭᠥᠷᠦᠭᠡᠰᠦᠨ ᠤ ᠮᠢᠬ᠎ᠠ ᠪᠠᠷ ᠥᠯ ᠵᠠᠯᠭᠠᠳᠠᠭ ᠃ ᠡᠷᠡᠭᠲᠡᠢᠴᠦᠳ ᠨᠢ ᠮᠣᠷᠢᠨ ᠤ ᠨᠢᠷᠤᠭᠤᠨ ᠳᠡᠭᠡᠷ᠎ᠡ ᠬᠣᠶᠠᠷ ᠡᠳᠦᠷ ᠬᠣᠶᠠᠷ ᠰᠥᠨᠢ ᠵᠢ ᠥᠩᠭᠡᠷᠡᠭᠡᠬᠦ ᠬᠠᠲᠠᠭᠤᠵᠢᠯᠲᠠᠢ ᠪᠣᠯᠪᠠᠰᠤᠷᠠᠯ ᠢ ᠬᠢᠵᠦ ᠂ ᠤᠨᠤᠭᠰᠠᠨ ᠮᠣᠷᠢᠨ ᠤ ᠪᠠᠨ ᠡᠪᠡᠰᠦ ᠬᠠᠵᠠᠯᠠᠬᠤ ᠬᠣᠷᠤᠮᠬᠠᠨ ᠵᠠᠭᠤᠷ᠎ᠠ ᠵᠢᠨ ᠳᠣᠲᠤᠷ᠎ᠠ ᠴᠦ ᠭᠡᠰᠡᠨ ᠨᠢᠭᠡ ᠵᠡᠭᠦᠷᠮᠡᠭᠯᠡᠨ ᠠᠪᠴᠤ ᠨᠢᠳᠦᠨ ᠤ ᠪᠠᠨ ᠴᠢᠯᠡᠭᠡ ᠵᠢ ᠭᠠᠷᠭᠠᠳᠠᠭ ᠃ ᠳᠡᠯᠡᠬᠡᠢ ᠳᠡᠭᠡᠷᠡᠬᠢ ᠶᠠᠮᠠᠷ ᠨᠢᠭᠡᠨ ᠦᠨᠳᠦᠰᠦᠲᠡᠨ ᠴᠦ ᠬᠦᠴᠢᠷ ᠪᠡᠷᠬᠡᠰᠢᠶᠡᠯ ᠤᠨ ᠡᠮᠦᠨ᠎ᠡ ᠡᠨᠡ ᠮᠡᠲᠦ ᠲᠡᠰᠪᠦᠷᠢ ᠬᠠᠲᠠᠭᠤᠵᠢᠯᠲᠠᠢ ᠪᠠᠢᠵᠤ ᠴᠢᠳᠠᠭ᠎ᠠ ᠦᠭᠡᠢ ᠶᠤᠮ ᠁ 》‍᠎ ᠭᠡᠵᠡᠢ ᠃ ᠶᠠᠭ ᠲᠡᠳᠡᠨ ᠤ ᠡᠢᠮᠦᠷᠬᠦ ᠰᠤᠷᠭᠠᠨ ᠬᠥᠮᠦᠵᠢᠯ ᠨᠢ 《 ᠲᠡᠳᠡᠨ ᠢ ᠲᠠᠢᠨ ᠪᠠᠢᠯᠳᠤᠭᠠᠨ ᠬᠢᠬᠦ ᠳᠡᠭᠡᠨ ᠡᠷᠡᠯᠬᠡᠭ ᠪᠥᠭᠡᠳ ᠴᠢᠳᠠᠮᠠᠭᠠᠢ ᠂ ᠦᠬᠦᠵᠦ ᠦᠷᠡᠭᠳᠡᠬᠦ ᠵᠢ ᠬᠠᠢᠬᠤᠷᠬᠤ ᠦᠭᠡᠢ ᠂ ᠠᠶᠤᠯ ᠲᠦᠭᠰᠢᠭᠦᠷᠢ ᠡᠴᠡ ᠡᠮᠢᠶᠡᠬᠦ ᠦᠭᠡᠢ ᠂ ᠵᠣᠷᠢᠭᠰᠠᠨ ᠵᠦᠭ ᠴᠤᠴᠠᠯᠲᠠ ᠦᠭᠡᠢ ᠤᠷᠤᠭᠰᠢᠯᠠᠳᠠᠭ ᠪᠣᠯᠭᠠᠭᠰᠠᠨ ᠶᠤᠮ 》‍᠎ ᠃ ᠢᠩᠭᠢᠭᠰᠡᠨ ᠢᠶᠠᠷ ᠲᠡᠳᠡ ᠲᠠᠯ᠎ᠠ ᠨᠤᠲᠤᠭ ᠤᠨ ᠰᠢᠯᠢᠳᠡᠭ ᠮᠠᠯᠴᠢᠨ ᠭᠠᠷᠮᠠᠭᠠᠢ ᠮᠣᠷᠢᠲᠠᠨ ᠪᠣᠯᠵᠤ ᠴᠢᠳᠠᠵᠠᠢ ᠃ ᠶᠠᠭ 《 ᠬᠠᠷ᠎ᠠ ᠲᠠᠲ᠋ᠠᠷ ᠤᠨ ᠲᠤᠬᠠᠢ ᠬᠡᠷᠡᠭ ᠤᠨ ᠲᠣᠪᠴᠢ 》‍᠎ ᠳᠤ ᠲᠡᠮᠳᠡᠭᠯᠡᠭᠰᠡᠨ ᠮᠡᠲᠦ ᠄ 《 ᠲᠡᠳᠡ ᠬᠠᠷᠪᠤᠵᠤ ᠨᠠᠮᠨᠠᠬᠤ ᠳᠠᠭᠠᠨ ᠨᠢᠯᠬ᠎ᠠ ᠬᠡᠦᠬᠡᠳ ᠢᠶᠠᠨ ᠬᠠᠪᠲᠠᠰᠤᠨ ᠮᠣᠳᠤᠨ ᠳᠤ ᠲᠡᠭᠡᠰᠦᠯᠡᠵᠤ ᠮᠣᠷᠢᠨ ᠳᠠᠭᠠᠨ ᠭᠠᠨᠵᠤᠭᠠᠯᠠᠭᠠᠳ ᠂ ᠡᠬᠡ ᠨᠢ ᠳᠠᠭᠠᠭᠤᠯᠵᠤ ᠭᠠᠷᠴᠤ ᠶᠠᠪᠤᠳᠠᠭ ᠶᠤᠮ ᠃ ᠭᠤᠷᠪᠠᠨ ᠨᠠᠰᠤᠲᠠᠢ ᠬᠡᠦᠬᠡᠳ ᠢᠶᠠᠨ ᠡᠮᠡᠭᠡᠯ ᠳᠡᠭᠡᠷ᠎ᠡ ᠪᠠᠨ ᠤᠶᠠᠭᠠᠳ ᠂ ᠭᠠᠷ ᠲᠤᠨᠢ ᠪᠠᠷᠢᠮᠲᠠ ᠲᠠᠢ ᠪᠣᠯᠭᠠᠵᠤ ᠂ ᠤᠯᠠᠨ ᠢ ᠳᠠᠭᠠᠭᠤᠯᠵᠤ ᠲᠠᠪᠬᠢᠯᠳᠤᠭᠤᠯᠮᠤᠢ ᠃ ᠳᠥᠷᠪᠡ ᠲᠠᠪᠤᠨ ᠨᠠᠰᠤᠨ ᠳᠤᠨᠢ ᠪᠠᠭ᠎ᠠ ᠨᠤᠮᠤ ᠣᠬᠤᠷ ᠰᠤᠮᠤ ᠤᠷᠤᠯᠳᠤᠭᠤᠯᠤᠭᠰᠠᠭᠠᠷ ᠥᠰᠦᠭᠰᠡᠨ ᠤ ᠬᠣᠢᠨ᠎ᠠ ᠂ ᠵᠢᠯ ᠤᠨ ᠳᠥᠷᠪᠡᠨ ᠤᠯᠠᠷᠢᠯ ᠳᠤ ᠠᠪᠠ ᠠᠩ ᠬᠢᠯᠬᠡᠬᠦ ᠳᠤ ᠯᠠ ᠶᠠᠪᠤᠭᠤᠯᠤᠮᠤᠢ ᠃ ᠬᠠᠷᠠᠬᠠᠨ ᠪᠠᠭ᠎ᠠ ᠡᠴᠡ ᠪᠠᠨ ᠡᠴᠢᠭᠡ ᠡᠬᠡ ᠪᠠᠨ ᠲᠠᠭᠠᠨ ᠠᠵᠢᠯ ᠬᠥᠳᠡᠯᠮᠦᠷᠢ ᠳᠤ ᠣᠷᠤᠯᠴᠠᠨ ᠂ ᠠᠳᠤᠭᠤ ᠮᠠᠯ ᠬᠠᠷᠢᠭᠤᠯᠬᠤ ᠂ ᠰᠥ᠋ ᠰᠠᠭᠠᠯᠢ ᠪᠠᠷᠢᠬᠤ ᠂ ᠠᠷᠠᠰᠤ ᠨᠣᠣᠰᠤ ᠪᠣᠯᠪᠠᠰᠤᠷᠠᠭᠤᠯᠬᠤ ᠪᠠ ᠡᠳᠦᠷ ᠲᠤᠲᠤᠮ ᠤᠨ ᠠᠮᠢᠳᠤᠷᠠᠯ ᠤᠨ ᠬᠡᠷᠡᠭᠯᠡᠬᠦᠨ ᠢ ᠬᠢᠳᠡᠭ ᠪᠥᠭᠡᠳ ᠪᠠᠰᠠ ᠲᠡᠷᠭᠡ ᠬᠥᠰᠭᠡ ᠰᠡᠯᠪᠢᠨ ᠵᠠᠰᠠᠬᠤ ᠂ ᠤᠨᠢ ᠲᠣᠭᠤᠨᠤ ᠪᠣᠰᠭᠠᠵᠤ ᠭᠡᠷ ᠪᠠᠷᠢᠯᠴᠠᠳᠠᠭ ᠶᠤᠮ ᠃ ᠲᠡᠭᠡᠪᠡᠯ ᠨᠤᠮᠤ ᠰᠤᠮᠤ ᠂ ᠬᠢᠲᠤᠭ᠎ᠠ ᠰᠡᠯᠡᠮ᠎ᠡ ᠮᠡᠲᠦ ᠵᠢᠨ ᠵᠠᠷ ᠵᠡᠪᠰᠡᠭ ᠬᠤᠷᠤᠢᠯᠵᠠᠭᠤᠯᠤᠨ ᠠᠷᠢᠶᠠᠲᠠᠨ ᠭᠥᠷᠦᠭᠡᠰᠦ ᠠᠩᠨᠠᠬᠤ ᠨᠠᠭᠠᠳᠤᠮ ᠳᠤ ᠣᠷᠤᠯᠴᠠᠳᠠᠭ ᠪᠥᠭᠡᠳ ᠪᠠᠰᠠ ᠦᠷᠭᠦᠯᠵᠢ ᠮᠣᠷᠢ ᠤᠷᠤᠯᠳᠠᠬᠤ ᠂ ᠨᠤᠮᠤ ᠰᠤᠮᠤ ᠬᠠᠷᠪᠤᠬᠤ ᠮᠡᠲᠦ ᠵᠢᠨ ᠨᠠᠭᠠᠳᠤᠮ ᠳᠤ ᠣᠷᠤᠯᠴᠠᠳᠠᠭ ᠶᠤᠮ ᠃ ᠡᠳᠡᠭᠡᠷ ᠨᠢ ᠲᠡᠳᠡᠨ ᠳᠤ ᠬᠡᠦᠬᠡᠳ ᠤᠨ ᠦᠶ᠎ᠡ ᠡᠴᠡ ᠨᠢ ᠠᠪᠤᠭᠠᠳ ᠡᠯᠳᠡᠪ ᠵᠦᠢᠯ ᠤᠨ ᠦᠢᠯᠡᠳᠪᠦᠷᠢᠯᠡᠯ ᠤᠨ ᠮᠡᠷᠭᠡᠵᠢᠯ ᠢ ᠡᠵᠡᠮᠰᠢᠭᠦᠯᠦᠭᠰᠡᠨ ᠪᠠᠢᠨ᠎ᠠ ᠃ 》‍᠎ ᠡᠨᠡ ᠪᠦᠬᠦᠨ ᠢ ᠴᠥᠮ ᠶᠠᠮᠠᠷ ᠨᠢᠭᠡᠨ ᠦᠨᠳᠦᠰᠦᠲᠡᠨ ᠭᠡᠳ ᠲᠡᠳᠡᠨ ᠲᠠᠢ ᠠᠳᠠᠯᠢᠳᠭᠠᠬᠤ ᠵᠢᠨ ᠠᠷᠭ᠎ᠠ ᠦᠭᠡᠢ ᠬᠠᠮᠤᠭ ᠤᠨ ᠰᠠᠢᠨ ᠪᠥᠭᠡᠳ ᠪᠦᠲᠦᠮᠵᠢᠲᠡᠢ ᠰᠤᠷᠭᠠᠨ ᠬᠥᠮᠦᠵᠢᠭᠦᠯᠬᠦ ᠠᠷᠭ᠎ᠠ ᠵᠢᠨ ᠬᠢᠨᠢ ᠨᠢᠭᠡ ᠠᠭᠤᠯᠭ᠎ᠠ ᠪᠣᠯᠵᠤ ᠪᠠᠢᠭ᠎ᠠ ᠶᠤᠮ ᠃

       ᠮᠣᠩᠭᠤᠯ ᠦᠨᠳᠦᠰᠦᠲᠡᠨ ᠶᠡᠷᠦ ᠡᠴᠡ ᠪᠠᠨ ᠠᠵᠢᠯᠴᠢ ᠪᠠᠭᠠᠲᠤᠷᠯᠢᠭ ᠂ ᠦᠨᠡᠨᠴᠢ ᠰᠢᠳᠤᠷᠭᠤ ᠂ ᠵᠢᠷᠤᠮ ᠢ ᠡᠷᠬᠢᠯᠡᠳᠡᠭ ᠢᠶᠠᠷ ᠢᠶᠠᠨ ᠠᠯᠳᠠᠷᠰᠢᠭᠰᠠᠨ ᠶᠤᠮ ᠃ ᠲᠡᠳᠡ ᠦᠷ᠎ᠡ ᠠᠴᠢᠨᠠᠷ ᠢᠶᠠᠷ ᠢᠶᠡᠨ ᠪᠠᠭ᠎ᠠ ᠡᠴᠡ ᠨᠢ ᠤᠯᠠᠨ ᠲᠠᠯ᠎ᠠ ᠪᠡᠷ ᠬᠥᠮᠦᠵᠢᠭᠦᠯᠦᠨ ᠰᠤᠷᠭᠠᠳᠠᠭ ᠃ 《 ᠮᠣᠩᠭᠤᠯ ᠤᠨ ᠨᠢᠭᠤᠴᠠ ᠲᠣᠪᠴᠢᠶᠠᠨ 》‍᠎ ᠳᠤ 《 ᠲᠠᠪᠤᠨ ᠮᠥᠰᠦ ᠪᠡᠷ ᠬᠡᠦᠬᠡᠳ ᠢᠶᠠᠨ ᠰᠤᠷᠭᠠᠭᠰᠠᠨ 》‍᠎ ᠬᠢᠭᠡᠳ 《 ᠠᠯᠤᠨ ᠭᠤᠸ᠎ᠠ ᠡᠬᠡ ᠬᠥᠪᠡᠭᠦᠳ ᠢᠶᠠᠨ ᠰᠤᠷᠭᠠᠭᠰᠠᠨ ᠳᠣᠮᠤᠭ 》‍᠎ ᠪᠠᠢᠳᠠᠭ ᠃ ᠡᠳᠡᠭᠡᠷ ᠳᠣᠮᠤᠭ ᠦᠯᠢᠭᠡᠷ ᠨᠢ ᠣᠳᠤ ᠪᠣᠯᠲᠠᠯ᠎ᠠ ᠠᠷᠠᠳ ᠤᠨ ᠳᠤᠮᠳᠠ ᠤᠯᠠᠮᠵᠢᠯᠠᠭᠰᠠᠭᠠᠷ ᠪᠥᠭᠡᠳ ᠲᠤᠩ ᠰᠠᠢᠨ ᠨᠥᠯᠦᠭᠡ ᠦᠵᠡᠭᠦᠯᠦᠭᠰᠡᠭᠡᠷ ᠪᠠᠢᠨ᠎ᠠ ᠃ 《 ᠲᠠᠪᠤᠨ ᠮᠥᠰᠦ ᠪᠡᠷ ᠬᠡᠦᠬᠡᠳ ᠢᠶᠠᠨ ᠰᠤᠷᠭᠠᠭᠰᠠᠨ 》‍᠎ ᠭᠡᠳᠡᠭ ᠳᠣᠮᠤᠭ ᠲᠡᠬᠢ ᠠᠯᠤᠨ ᠭᠤᠸ᠎ᠠ ᠡᠬᠡ ᠵᠢᠨ 《 ᠲᠠ ᠠᠬ᠎ᠠ ᠳᠡᠭᠦᠦ ᠲᠠᠪᠤᠭᠤᠯᠠ ᠴᠥᠮ ᠮᠢᠨᠦ ᠨᠢᠭᠡ ᠬᠡᠪᠡᠯᠢ ᠡᠴᠡ ᠲᠥᠷᠦᠭᠰᠡᠨ ᠪᠢᠰᠢ ᠤᠤ ︖ ᠲᠠ ᠬᠡᠷᠪᠡ ᠬᠠᠷᠢᠯᠴᠠᠨ ᠪᠤᠰᠤᠴᠢᠯᠠᠨ ᠭᠠᠭᠴᠠ ᠭᠠᠭᠴᠠ ᠪᠡᠷ ᠰᠠᠯᠪᠠᠯ ᠂ ᠶᠠᠭ ᠲᠤᠭᠠᠷ ᠤᠨ ᠨᠢᠵᠡᠭᠡᠳ ᠮᠥᠰᠦᠨ ᠮᠡᠲᠦ ᠬᠡᠨ ᠬᠥᠮᠦᠨ ᠳᠤ ᠬᠢᠯᠪᠠᠷᠬᠠᠨ ᠳᠡᠢᠯᠦᠭᠳᠡᠨ᠎ᠡ ᠃ ᠬᠡᠷᠪᠡ ᠡᠶ᠎ᠡ ᠡᠪᠲᠡᠢ ᠨᠢᠭᠡᠳᠤᠨ ᠬᠠᠷᠢᠯᠴᠠᠨ ᠲᠤᠰᠠᠯᠠᠵᠤ ᠶᠠᠪᠤᠪᠠᠯ ᠂ ᠬᠠᠷᠢᠨ ᠡᠨᠡ ᠬᠠᠮᠲᠤ ᠪᠠᠭᠯᠠᠭᠰᠠᠨ ᠲᠠᠪᠤᠨ ᠮᠥᠰᠦ ᠮᠡᠲᠦ ᠬᠡᠨ ᠬᠥᠮᠦᠨ ᠳᠤ ᠴᠦ ᠬᠢᠯᠪᠠᠷ ᠳᠡᠢᠯᠦᠭᠳᠡᠬᠦ ᠦᠭᠡᠢ ᠪᠣᠯᠤᠨ᠎ᠠ 》‍᠎ ᠭᠡᠰᠡᠨ ᠰᠤᠷᠭᠠᠯ ᠨᠢ ᠶᠣᠰᠤᠲᠠᠢ ᠰᠡᠴᠡᠨ ᠮᠡᠷᠭᠡᠨ ᠰᠤᠷᠭᠠᠯ ᠪᠣᠯᠤᠨ᠎ᠠ ᠃ ᠲᠡᠢᠮᠦ ᠤᠴᠢᠷ ᠡᠴᠡ ᠲᠡᠦᠬᠡᠨ ᠳᠤ ᠲᠡᠭᠦᠨ ᠢ ᠤᠯᠤᠰ ᠲᠥᠷᠦ ᠵᠢᠨ ᠦᠵᠡᠯᠲᠠ ᠲᠠᠢ ᠠᠭᠤᠤ ᠡᠬᠡ ᠭᠡᠵᠦ ᠲᠡᠮᠳᠡᠭᠯᠡᠭᠰᠡᠨ . ᠪᠠᠢᠳᠠᠭ ᠃ ᠲᠡᠭᠦᠨ ᠤ ᠲᠠᠪᠤᠨ ᠮᠥᠰᠦ ᠪᠡᠷ ᠬᠡᠦᠬᠡᠳ ᠢᠶᠠᠨ ᠰᠤᠷᠭᠠᠭᠰᠠᠨᠰᠤᠷᠭᠠᠯ ᠬᠢᠭᠡᠳ ᠲᠠᠨᠢᠯᠲᠠ ᠦᠵᠡᠯᠲᠠ ᠨᠢ ᠬᠣᠵᠢᠮ ᠤᠨ ᠦᠷ᠎ᠡ ᠠᠴᠢᠨᠠᠷ ᠲᠤᠨᠢ ᠲᠤᠩ ᠠᠰᠢᠭᠲᠠᠢ ᠰᠤᠷᠭᠠᠮᠵᠢ ᠪᠣᠯᠵᠤ ᠪᠠᠢᠭ᠎ᠠ ᠶᠤᠮ ᠃ ᠪᠤᠲᠠᠨᠴᠢᠷ 《 ᠪᠡᠶ᠎ᠡ ᠲᠦᠷᠦᠭᠦᠦ ᠲᠠᠢ ᠰᠠᠢᠨ ᠂ ᠳᠡᠪᠡᠯ ᠵᠠᠭᠠᠮ᠎ᠠ ᠲᠠᠢ ᠰᠠᠢᠨ 》‍᠎ ᠭᠡᠳᠡᠭ ᠶᠣᠰᠤ ᠪᠡᠷ ᠥᠪᠡᠷ ᠤᠨ ᠠᠬ᠎ᠠ ᠪᠤᠬ᠎ᠠ ᠬᠠᠲᠠᠭᠢ ᠵᠢ ᠬᠡᠯᠡᠵᠦ ᠪᠢᠰᠢᠷᠡᠭᠦᠯᠦᠨ ᠂ ᠠᠬ᠎ᠠ ᠳᠡᠭᠦᠦ ᠲᠠᠪᠤᠭᠤᠯᠠ ᠰᠡᠳᠭᠢᠯ ᠨᠢᠭᠡᠳᠦᠨ ᠬᠦᠴᠦ ᠬᠠᠮᠳᠤᠷᠠᠯᠴᠠᠭᠠᠳ ᠲᠤᠩᠭᠠᠯᠠᠭ ᠪᠤᠯᠠᠭ ᠤᠨ ᠬᠥᠪᠡᠭᠡ ᠪᠡᠷ ᠨᠤᠲᠤᠭᠰᠢᠨ ᠰᠠᠭᠤᠭᠰᠠᠨ ᠢᠷᠭᠡᠳ ᠢ ᠨᠤᠮᠤᠳᠬᠠᠭᠠᠳ ᠠᠳᠤᠭᠤ ᠮᠠᠯ ᠂ ᠬᠣᠭᠰᠢᠯ ᠬᠥᠷᠦᠩᠭᠡ ᠵᠢ ᠨᠢ ᠬᠤᠪᠢᠶᠠᠨ ᠠᠪᠴᠤ ᠢᠷᠭᠡᠳ ᠢ ᠨᠢ ᠵᠠᠷᠤᠴᠠ ᠪᠣᠯᠭᠠᠪᠠ ᠃ 《 ᠮᠣᠩᠭᠤᠯ ᠤᠨ ᠨᠢᠭᠤᠴᠠ ᠲᠣᠪᠴᠢᠶᠠᠨ 》‍᠎ ᠳᠤ ᠂ ᠪᠠᠭ᠎ᠠ ᠨᠠᠰᠤᠨ ᠤ ᠲᠡᠮᠦᠵᠢᠨ ᠨᠢᠭᠡ ᠤᠳᠠᠭ᠎ᠠ ᠪᠤᠷᠤᠭᠤ ᠶᠠᠪᠤᠳᠠᠯ ᠬᠢᠭᠰᠡᠨ ᠳᠤ ᠦᠬᠡᠯᠦᠨ ᠡᠬᠡ ᠨᠢ ᠰᠤᠷᠭᠠᠨ ᠬᠡᠯᠡᠭᠰᠡᠨ ᠦᠯᠢᠭᠡᠷ ᠢ ᠲᠡᠮᠲᠡᠭᠯᠡᠵᠤ ᠪᠠᠢᠳᠠᠭ ᠃ ᠲᠡᠮᠦᠵᠢᠨ ᠦᠬᠡᠯᠡᠢ ᠶᠡᠬᠡ ᠪᠣᠯᠵᠤ ᠂ ᠡᠷ᠎ᠡ ᠵᠢᠨ ᠴᠡᠭᠡᠯ ᠳᠤ ᠬᠦᠷᠦᠭᠰᠡᠨ ᠤ ᠬᠣᠢᠨ᠎ᠠ ᠂ ᠡᠬᠡ ᠵᠢᠨ ᠢᠶᠠᠨ ᠰᠤᠷᠭᠠᠯ ᠪᠠ ᠳᠡᠭᠡᠳᠦᠰ ᠤᠨ ᠰᠤᠷᠭᠠᠯ ᠢ ᠪᠠᠲᠤ ᠴᠡᠭᠡᠵᠢᠯᠡᠵᠦ ᠂ ᠳᠥᠴᠢᠭᠡᠳ ᠵᠢᠯ ᠤᠨ ᠴᠡᠷᠢᠭ ᠲᠠᠢᠨ ᠪᠤᠯᠤᠨ ᠤᠯᠤᠰ ᠲᠥᠷᠦ ᠵᠢᠨ ᠠᠮᠢᠳᠤᠷᠠᠯ ᠳᠤᠮᠳᠠ ᠥᠪᠡᠷ ᠤᠨ ᠪᠡᠶ᠎ᠡ ᠳᠡᠭᠡᠨ ᠲᠥᠪ ᠴᠢᠩᠭ᠎ᠠ ᠬᠠᠨᠳᠤᠵᠤ ᠂ ᠪᠦᠯᠬᠦᠮᠳᠡᠨ ᠲᠡᠮᠡᠴᠡᠵᠦ ᠪᠠᠢᠭᠠᠳ ᠮᠣᠩᠭᠤᠯ ᠤᠨ ᠡᠯ᠎ᠡ ᠤᠭᠰᠠᠭ᠎ᠠ ᠠᠢᠮᠠᠭ ᠤᠳ ᠢ ᠨᠢᠭᠡᠳᠭᠡᠵᠦ ᠂ ᠲᠡᠭᠷᠢ ᠭᠠᠵᠠᠷ ᠢ ᠳᠣᠩᠰᠤᠯᠭᠠᠭᠰᠠᠨ ᠶᠡᠬᠡ ᠦᠢᠯᠡᠰ ᠢ ᠪᠦᠲᠦᠭᠡᠭᠰᠡᠨ ᠪᠠᠢᠨ᠎ᠠ ᠃

       ᠡᠷᠲᠡᠨ ᠤ ᠮᠣᠩᠭᠤᠯᠴᠤᠳ ᠦᠷ᠎ᠡ ᠠᠴᠢᠨᠠᠷ ᠲᠠᠭᠠᠨ ᠦᠢᠯᠡᠳᠪᠦᠷᠢᠯᠡᠯ ᠬᠥᠳᠡᠯᠮᠦᠷᠢ ᠂ ᠴᠡᠷᠢᠭ ᠤᠨ ᠶᠠᠪᠤᠳᠠᠯ ᠵᠢᠴᠢ ᠰᠤᠷᠭᠠᠨ ᠬᠥᠮᠦᠵᠢᠯ ᠵᠡᠷᠭᠡ ᠡᠯ᠎ᠡ ᠲᠠᠯ᠎ᠠ ᠵᠢᠨ ᠪᠣᠯᠪᠠᠰᠤᠷᠠᠯ ᠬᠢᠬᠦ ᠮᠥᠷᠲᠡᠭᠡᠨ ᠪᠠᠰᠠ ᠦᠵᠡᠯ ᠰᠠᠨᠠᠭ᠎ᠠ ᠂ ᠶᠣᠰᠤ ᠮᠤᠷᠠᠯ ᠤᠨ ᠬᠥᠮᠦᠵᠢᠯ ᠢ ᠨᠡᠢᠲᠡ ᠪᠡᠷ ᠬᠦᠨᠳᠦᠳᠭᠡᠵᠦ ᠮᠠᠰᠢ ᠴᠢᠩᠭ᠎ᠠ ᠱᠠᠭᠠᠷᠳᠠᠯᠭ᠎ᠠ ᠲᠠᠯᠪᠢᠳᠠᠭ ᠪᠠᠢᠵᠠᠢ ᠃ ᠮᠣᠩᠭᠤᠯᠴᠤᠳ ᠡᠷᠲᠡᠨ ᠡᠴᠡ ᠠᠪᠤᠭᠠᠳ ᠥᠪᠡᠷ ᠤᠨ ᠦᠨᠳᠦᠰᠦ ᠤᠭᠰᠠᠭ᠎ᠠ ᠪᠠᠨ ᠪᠠᠲᠤ ᠴᠡᠭᠡᠵᠢᠯᠡᠵᠦ ᠂ ᠦᠨᠳᠦᠰᠦᠲᠡᠨ ᠤ ᠪᠠᠨ ᠵᠠᠩ ᠳᠠᠳᠭᠠᠯ ᠢ ᠪᠠᠷᠢᠮᠲᠠᠯᠠᠭᠰᠠᠭᠠᠷ ᠢᠷᠡᠪᠡ ᠃ ᠤᠴᠢᠷ ᠨᠢ ᠲᠡᠳᠡ ᠪᠤᠰᠤᠳ ᠠᠢᠮᠠᠭ ᠶᠠᠰᠤᠲᠠᠨ ᠲᠠᠢ ᠠᠳᠠᠯᠢ ᠦᠭᠡᠢ ᠃ ᠦᠷ᠎ᠡ ᠠᠴᠢᠷᠨᠠᠷ ᠢᠶᠠᠨ ᠢᠳᠭᠠᠨ ᠰᠤᠷᠭᠠᠬᠤ ᠲᠤᠬᠠᠢ ᠱᠠᠰᠢᠨ ᠰᠢᠲᠦᠯᠭᠡ ᠲᠡᠳᠡᠨᠡᠷ ᠲᠦ ᠤᠭ ᠡᠴᠡ ᠪᠠᠨ ᠪᠠᠢᠭᠰᠠᠨ ᠦᠭᠡᠢ ᠪᠣᠯᠬᠣᠷ ᠡᠴᠢᠭᠡ ᠡᠬᠡ ᠪᠣᠯᠤᠭᠰᠠᠨ ᠨᠢ ᠦᠷ᠎ᠡ ᠬᠡᠦᠬᠡᠳ ᠲᠡᠭᠡᠨ ᠴᠥᠮ ᠡᠪᠦᠭᠡ ᠳᠡᠭᠡᠳᠦᠰ ᠤᠨ ᠤᠳᠤᠮ ᠲᠥᠷᠦᠯ ᠤᠨ ᠪᠠᠢᠳᠠᠯ ᠢᠶᠠᠨ ᠥᠭᠦᠯᠡᠨ ᠲᠤᠭᠠᠴᠠᠳᠠᠭ ᠠᠵᠠᠢ ᠃

       ᠮᠣᠩᠭᠤᠯ ᠣᠪᠤᠭᠲᠠᠨ ᠂ ᠢᠯᠠᠩᠭᠤᠶ᠎ᠠ ᠴᠢᠩᠭᠢᠰ ᠬᠠᠭᠠᠨ ᠤ ᠪᠣᠷᠵᠢᠭᠢᠨ ᠣᠪᠤᠭᠲᠠᠨ ᠤ ᠤᠭ ᠲᠡᠮᠳᠡᠭᠯᠡᠯ ᠤᠨ ᠲᠤᠬᠠᠢ 《 ᠮᠣᠩᠭᠤᠯ ᠤᠨ ᠨᠢᠭᠤᠴᠠ ᠲᠣᠪᠴᠢᠶᠠᠨ 》‍᠎ ᠳᠤ ᠨᠠᠷᠢᠨ ᠲᠣᠳᠤᠷᠬᠠᠢ ᠥᠭᠦᠯᠡᠭᠰᠡᠨ ᠪᠠᠢᠳᠠᠭ ᠃

       ᠮᠣᠩᠭᠤᠯᠴᠤᠳ ᠥᠪᠡᠷ ᠤᠨ ᠡᠪᠦᠭᠡ ᠳᠡᠭᠡᠳᠦᠰ ᠲᠡᠭᠡᠨ ᠭᠦᠨ ᠰᠠᠭᠤᠭᠳᠠᠯ ᠲᠠᠢ ᠪᠠᠢᠳᠠᠭ ᠰᠠᠨ ᠃ ᠠᠯᠳᠠᠷᠲᠤ ᠮᠣᠩᠭᠤᠯᠴᠢ ᠲᠡᠦᠬᠡᠴᠢᠨ ᠷᠠᠰᠢᠳ᠋ ᠤᠨ ᠬᠡᠯᠡᠭᠰᠡᠨᠴᠢᠯᠡᠨ ᠄ 《 ᠲᠡᠳᠡᠨ ᠳᠤ ᠪᠦᠷ ᠨᠠᠷᠢᠨ ᠲᠣᠳᠤᠷᠬᠠᠢ ᠤᠭ ᠲᠡᠮᠳᠡᠭᠯᠡᠯ ᠲᠠᠢ ᠂ ᠤᠴᠢᠷ ᠨᠢ ᠮᠣᠩᠭᠤᠯᠴᠤᠳ ᠲᠦ ᠥᠪᠡᠷᠰᠡᠳ ᠤᠨ ᠡᠪᠦᠭᠡ ᠳᠡᠭᠡᠳᠦᠰ ᠤᠨ ᠢᠷᠡᠯᠲᠠ ᠪᠠᠨ ᠴᠡᠭᠡᠵᠢᠯᠡᠵᠦ ᠪᠠᠢᠳᠠᠭ ᠵᠠᠩ ᠵᠤᠷᠰᠢᠯ ᠲᠠᠢ ᠃ ᠲᠡᠳᠡᠨᠡᠷ ᠰᠢᠨ᠎ᠡ ᠪᠡᠷ ᠮᠡᠨᠳᠦᠯᠡᠭᠰᠡᠨ ᠬᠡᠦᠬᠡᠳ ᠨᠢᠭᠡᠪᠦᠷᠢ ᠳᠡᠭᠡᠨ ᠠᠯᠢ ᠨᠢᠭᠡᠨ ᠣᠪᠤᠭ ᠲᠥᠷᠦᠯ ᠤᠨ ᠬᠢᠨ ᠪᠣᠯᠬᠤ ᠵᠢ ᠶᠠᠷᠢᠵᠤ ᠥᠭᠳᠡᠭ ᠃ ᠡᠨᠡ ᠨᠢ ᠶᠠᠭ ᠥᠭᠡᠷ᠎ᠡ ᠦᠨᠳᠦᠰᠦᠲᠡᠨ ᠤ ᠠᠯᠢ ᠨᠢᠭᠡᠨ ᠣᠪᠤᠭᠲᠠᠨ ᠤ ᠦᠷᠡᠰ ᠭᠡᠳᠡᠭ ᠢᠶᠠᠨ ᠬᠡᠯᠡᠳᠡᠭ ᠠᠳᠠᠯᠢ ᠃ ᠲᠡᠢᠮᠦ ᠡᠴᠡ ᠥᠪᠡᠷ ᠢᠶᠠᠨ ᠠᠯᠢ ᠠᠢᠮᠠᠭ ᠤᠭᠰᠠᠭᠠᠲᠠᠨ ᠤ ᠢᠷᠡᠯᠲᠠ ᠲᠠᠢ ᠭᠡᠳᠡᠭ ᠢᠶᠠᠨ ᠮᠡᠳᠡᠬᠦ ᠦᠭᠡᠢ ᠬᠥᠮᠦᠨ ᠨᠢᠭᠡ ᠴᠦ ᠦᠭᠡᠢ ᠶᠤᠮ 》‍᠎ ᠭᠡᠵᠡᠢ ᠃ ᠬᠥᠮᠦᠰ ᠦᠨᠳᠦᠰᠦᠲᠡᠨ ᠤ ᠪᠠᠨ ᠲᠡᠦᠬᠡ ᠂ ᠤᠯᠠᠮᠵᠢᠯᠠᠯᠲᠤ ᠶᠠᠷᠢᠶ᠎ᠠ ᠂ ᠣᠪᠤᠭ ᠲᠥᠷᠦᠯᠬᠢᠲᠡᠨ ᠤ ᠪᠠᠨ ᠪᠠᠭᠠᠲᠤᠷᠯᠢᠭ ᠦᠢᠯᠡᠰ ᠤᠳ ᠢ ᠣᠢᠯᠠᠭᠠᠵᠤ ᠂ ᠣᠪᠤᠭ ᠲᠥᠷᠦᠯᠬᠢᠲᠡᠨ ᠤ ᠠᠮᠢᠳᠤᠷᠠᠯ ᠂ ᠨᠡᠢᠭᠡᠮ ᠤᠨ ᠪᠦᠲᠦᠴᠡ ᠪᠠ ᠵᠠᠩ ᠳᠠᠳᠭᠠᠯ ᠳᠤ ᠨᠡᠪᠲᠡᠷᠬᠡᠢ ᠪᠣᠯᠤᠭᠰᠠᠨ ᠤ ᠳᠠᠭᠠᠤ ᠳᠤ ᠣᠪᠤᠭ ᠲᠥᠷᠦᠯᠬᠢᠲᠡᠨ ᠤ ᠶᠣᠰᠤ ᠮᠤᠷᠠᠯ ᠤᠨ ᠦᠵᠡᠯᠲᠠ ᠠᠩᠬ᠎ᠠ ᠠᠯᠬᠤᠮ ᠪᠤᠢ ᠪᠣᠯᠤᠭᠰᠠᠨ ᠪᠠᠢᠳᠠᠭ ᠃ ᠢᠩᠭᠢᠭᠰᠡᠨ ᠢᠶᠠᠷ ᠲᠡᠳᠡᠨ ᠤ ᠣᠪᠤᠭ ᠲᠥᠷᠦᠯ ᠂ ᠠᠢᠮᠠᠭ ᠤᠭᠰᠠᠭ᠎ᠠ ᠪᠠ ᠬᠡᠷ ᠪᠦᠯᠢ ᠵᠢᠨ ᠲᠤᠬᠠᠢ ᠢᠷᠠᠭᠤ ᠠᠯᠳᠠᠷᠲᠤ ᠰᠡᠳᠭᠢᠯᠭᠡ ᠂ ᠣᠮᠤᠭ ᠪᠠᠬᠠᠳᠤᠯᠳᠤ ᠰᠡᠳᠭᠢᠯᠭᠡ ᠪᠤᠯᠤᠨ ᠬᠠᠷᠢᠭᠤᠴᠠᠯᠭᠠᠲᠤ ᠰᠡᠳᠭᠢᠯᠭᠡ ᠵᠢ ᠪᠤᠢ ᠪᠣᠯᠭᠠᠭᠰᠠᠨ ᠪᠠ ᠨᠡᠮᠡᠭᠳᠡᠭᠦᠯᠵᠦ ᠂ ᠬᠠᠮᠲᠤ ᠨᠡᠢᠲᠡ ᠵᠢᠨ ᠲᠥᠯᠦᠭᠡ ᠲᠡᠮᠡᠴᠡᠬᠦ ᠪᠠ ᠠᠮᠢ ᠪᠡᠶ᠎ᠡ ᠪᠠᠨ ᠴᠦᠯᠡᠬᠦ ᠵᠣᠷᠢᠭ ᠰᠠᠭ᠎ᠠ ᠵᠢ ᠪᠠᠳᠠᠷᠠᠭᠤᠯᠬᠤ ᠪᠣᠯᠭᠠᠵᠠᠢ ᠃

        ᠡᠷᠲᠡᠨ ᠤ ᠮᠣᠩᠭᠤᠯᠴᠤᠳ ᠠᠬᠠᠰ ᠵᠠᠬᠠᠰ ᠢᠶᠠᠨ ᠬᠦᠨᠳᠦᠳᠭᠡᠬᠦ ᠶᠠᠪᠤᠳᠠᠯ ᠢ ᠲᠤᠩ ᠡᠷᠬᠢᠮᠯᠡᠳᠡᠭ ᠃ 《 ᠠᠯᠢ ᠨᠢᠭᠡᠨ ᠦᠨᠳᠦᠰᠦᠲᠡᠨ ᠤ ᠬᠦᠦ ᠨᠢ ᠡᠴᠢᠭᠡ ᠵᠢᠨ ᠢᠶᠠᠨ ᠰᠤᠷᠭᠠᠯ ᠢ ᠠᠪᠬᠤ ᠦᠭᠡᠢ ᠂ ᠳᠡᠭᠦᠦ ᠨᠢ ᠠᠬ᠎ᠠ ᠵᠢᠨ ᠢᠶᠠᠨ ᠦᠭᠡ ᠵᠢ ᠰᠣᠨᠤᠰᠬᠤ ᠦᠭᠡᠢ ᠂ ᠡᠷ᠎ᠡ ᠨᠢ ᠡᠮ᠎ᠡ ᠵᠢᠨ ᠢᠶᠠᠨ ᠴᠢᠬᠡᠴᠢ ᠵᠢᠷᠤᠮ ᠢ ᠢᠲᠡᠭᠡᠬᠦ ᠦᠭᠡᠢ ᠂ ᠡᠮ᠎ᠡ ᠨᠢ ᠡᠷ᠎ᠡ ᠵᠢᠨ ᠢᠶᠠᠨ ᠠᠶ᠎ᠠ ᠵᠢ ᠲᠠᠭᠠᠬᠤ ᠦᠭᠡᠢ ᠂ ᠬᠠᠳᠠᠮ ᠨᠢ ᠪᠡᠷᠢᠶᠡᠳ ᠢᠶᠠᠨ ᠬᠠᠯᠠᠮᠵᠢᠯᠠᠬᠤ ᠦᠭᠡᠢ ᠂ ᠪᠡᠷᠢᠶᠡᠳ ᠨᠢ ᠬᠠᠳᠠᠮ ᠢᠶᠠᠨ ᠬᠦᠨᠳᠦᠯᠡᠬᠦ ᠦᠭᠡᠢ ᠂ ᠠᠬᠠᠮᠠᠳ ᠨᠢ ᠨᠢᠯᠬᠠᠰ ᠢᠶᠠᠨ ᠬᠠᠮᠠᠭᠠᠯᠠᠬᠤ ᠦᠭᠡᠢ ᠂ ᠪᠠᠭᠠᠴᠤᠳ ᠨᠢ ᠠᠬᠠᠮᠠᠳ ᠤᠨ ᠢᠶᠠᠨ ᠰᠤᠷᠭᠠᠯ ᠢ ᠠᠪᠬᠤ ᠦᠭᠡᠢ ᠂ ᠶᠡᠬᠡᠰᠴᠤᠳ ᠨᠢ ᠰᠢᠳᠠᠷᠴᠤᠳ ᠢᠶᠠᠨ ᠢᠲᠡᠭᠡᠭᠡᠳ ᠣᠷᠴᠢᠨ ᠲᠣᠭᠤᠷᠢᠨ ᠤ ᠪᠠᠨ ᠢᠲᠡᠭᠡᠯᠲᠡᠢ ᠬᠥᠮᠦᠰ ᠡᠴᠡ ᠪᠠ ᠭᠠᠳᠠᠨᠠᠬᠢ ᠤᠯᠠᠨ ᠡᠴᠡ ᠪᠠᠨ ᠵᠠᠢᠳᠠᠬᠤ ᠂ ᠪᠠᠶᠠᠳ ᠬᠡᠷᠭᠡᠮᠲᠡᠳ ᠤᠯᠤᠰ ᠤᠨ ᠳᠣᠲᠤᠷᠠᠬᠢ ᠠᠷᠠᠳ ᠢᠷᠭᠡᠳ ᠢᠶᠠᠨ ᠲᠡᠳᠭᠦᠬᠦ ᠦᠭᠡᠢ ᠂ ᠵᠠᠩ ᠠᠷᠠᠨᠰᠢᠯ ᠪᠠ ᠬᠠᠤᠯᠢ ᠵᠠᠷᠯᠠᠯ ᠢ ᠬᠦᠩᠭᠡᠪᠴᠢᠯᠡᠵᠤ ᠂ ᠥᠷᠦ ᠡᠪᠡᠳᠴᠦ ᠡᠨᠡᠷᠢᠬᠦ ᠦᠭᠡᠢ ᠂ ᠴᠢᠨᠠᠭᠰᠢᠯᠠᠪᠠᠯ ᠳᠠᠢᠰᠤᠩᠨᠠᠭᠴᠢ ᠡᠲᠡᠭᠡᠳ ᠪᠣᠯᠬᠤ ᠡᠢᠮᠦᠷᠬᠦ ᠦᠨᠳᠦᠰᠦᠲᠡᠨ ᠳᠤ ᠬᠤᠯᠠᠭᠠᠢ ᠬᠢᠬᠦ ᠂ ᠬᠤᠳᠠᠯ ᠬᠡᠯᠡᠬᠦ ᠂ ᠳᠠᠢᠰᠤᠩᠨᠠᠭᠴᠢ ᠪᠣᠯᠬᠤ ᠪᠠ ᠮᠡᠬᠡᠯᠡᠭᠴᠢ ᠡᠲᠡᠭᠡᠳ ᠲᠡᠳᠡᠨ ᠤ ᠪᠠᠭᠤᠴᠠᠨ ᠤ ᠨᠠᠷᠠ ᠵᠢ ᠬᠠᠯᠬᠠᠯᠠᠬᠤ ᠳᠤ ᠬᠦᠷᠦᠨ᠎ᠡ ᠃ ᠲᠡᠳᠡᠨᠡᠷ ᠲᠡᠭᠡᠷᠡᠮᠳᠡᠯ ᠳᠤ ᠤᠴᠠᠷᠠᠵᠤ ᠂ ᠠᠳᠤᠭᠤᠨ ᠰᠦᠷᠦᠭ ᠨᠢ ᠠᠮᠤᠷ ᠲᠠᠢᠪᠤᠩ ᠦᠭᠡᠢ ᠂ ᠠᠶᠠᠨ ᠲᠠᠢᠨ ᠳᠤ ᠬᠣᠰᠢᠭᠤᠷᠠᠭᠰᠠᠨ ᠠᠭᠲᠠ ᠨᠢ ᠲᠠᠷᠳᠠᠭᠠᠳ ᠦᠬᠦᠳᠬᠢᠨ ᠤᠨᠠᠵᠤ ᠂ ᠢᠯᠵᠠᠷᠠᠨ ᠳᠣᠷᠤᠢᠲᠠᠭᠠᠳ ᠰᠦᠢᠷᠡᠬᠦ ᠪᠣᠯᠤᠨ᠎ᠠ 》‍᠎ ᠃ ᠡᠴᠢᠭᠡ ᠡᠬᠡ ᠪᠣᠯᠤᠭᠰᠠᠳ ᠦᠷ᠎ᠡ ᠬᠡᠦᠬᠡᠳ ᠢᠶᠠᠨ ᠬᠥᠮᠦᠵᠢᠭᠦᠯᠦᠨ ᠪᠣᠢᠵᠢᠭᠤᠯᠬᠤ ᠪᠡᠷ ᠰᠠᠨᠠᠭ᠎ᠠ ᠰᠡᠳᠭᠢᠯ ᠢᠶᠠᠨ ᠵᠦᠳᠡᠭᠡᠳᠡᠭ ᠲᠤᠯᠠ ᠦᠷ᠎ᠡ ᠬᠡᠦᠬᠡᠳ ᠨᠢ ᠡᠷᠬᠡᠪᠰᠢ ᠡᠴᠢᠭᠡ ᠡᠬᠡ ᠳᠡᠭᠡᠨ ᠠᠴᠢᠯᠠᠯ ᠲᠠᠢ ᠪᠠᠢᠬᠤ ᠬᠡᠷᠡᠭᠲᠡᠢ ᠭᠡᠵᠦ ᠴᠢᠩᠭᠢᠰ ᠬᠠᠭᠠᠨ ᠦᠵᠡᠳᠡᠭ ᠄ 《 ᠡᠨᠡᠷᠢᠯᠲᠦ ᠡᠬᠡ ᠵᠢᠨ ᠬᠠᠢᠷ᠎ᠠ ᠵᠢ ᠮᠠᠷᠲᠠᠵᠤ ᠡᠨᠡᠷᠢᠬᠦ ᠰᠡᠳᠭᠢᠯ ᠢ ᠭᠣᠮᠤᠳᠠᠭᠠᠭᠰᠠᠨ ᠦᠶ᠎ᠡ ᠳᠤ ᠡᠨᠡᠯᠪᠠᠴᠤ ᠬᠡᠷᠡᠭ ᠶᠠᠭᠤᠨ ᠡᠬᠡ ᠵᠢᠨ ᠡᠯᠪᠡᠷᠢᠯ ᠢ ᠤᠮᠠᠷᠲᠠᠵᠤ ᠵᠢᠷᠦᠬᠡ ᠰᠡᠳᠭᠢᠯ ᠢ ᠬᠠᠭᠰᠠᠭᠠᠪᠠᠯ ᠡᠯᠢᠭᠡ ᠡᠰᠡᠨ ᠪᠦᠲᠦᠨ ᠶᠠᠪᠤᠶᠤ 》‍᠎ ᠃

       ᠴᠢᠩᠭᠢᠰ ᠬᠠᠭᠠᠨ ᠠᠬᠠᠰ ᠵᠠᠬᠠᠰ ᠢᠶᠠᠨ ᠲᠤᠩ ᠬᠦᠨᠳᠦᠳᠭᠡᠳᠡᠭ ᠪᠥᠭᠡᠳ ᠠᠬᠠᠰ ᠵᠠᠬᠠᠰ ᠢᠶᠠᠨ ᠬᠦᠨᠳᠦᠯᠡᠬᠦ ᠬᠥᠮᠦᠨ ᠢ ᠴᠣ᠋ ᠮᠠᠰᠢ ᠪᠢᠰᠢᠷᠡᠨ ᠮᠠᠭᠲᠠᠳᠠᠭ ᠃ 《 ᠶᠤᠸᠠᠨ ᠤᠯᠤᠰ ᠤᠨ ᠲᠡᠦᠬᠡ 》‍᠎ ᠳᠤ 《 ᠨᠢᠭᠡᠨ ᠡᠳᠦᠷ ᠤᠯᠠᠨ ᠰᠠᠢᠳ ᠲᠦᠰᠢᠮᠡᠳ ᠢᠶᠠᠨ ᠳᠠᠭᠠᠭᠤᠯᠵᠤ ᠠᠩ ᠬᠦᠷᠦᠭᠡ ᠲᠠᠯᠪᠢᠨ ᠶᠠᠪᠤᠵᠤ ᠪᠠᠢᠲᠠᠯ᠎ᠠ ᠨᠢᠭᠡᠨ ᠬᠤᠨᠢᠨ ᠰᠦᠷᠦᠭ ᠤᠨ ᠲᠡᠷᠭᠡᠲᠠ ᠠᠷᠪᠠ ᠭᠠᠷᠤᠢ ᠨᠠᠰᠤᠨ ᠤᠨ ᠪᠢᠴᠢᠬᠠᠨ ᠬᠥᠪᠡᠭᠦᠨ ᠲᠠᠰᠢᠭᠤᠷ ᠢᠶᠠᠨ ᠬᠠᠳᠭᠤᠵᠤ ᠮᠠᠯᠠᠭᠠᠢ ᠪᠠᠨ ᠳᠡᠭᠡᠷ᠎ᠡ ᠨᠢ ᠵᠡᠭᠦᠯᠭᠡᠭᠡᠳ ᠮᠡᠬᠦᠢᠨ ᠶᠣᠰᠤᠯᠠᠵᠤ ᠳᠠᠭᠤᠯᠠᠨ ᠪᠥᠵᠢᠭᠯᠡᠵᠦ ᠪᠠᠢᠪᠠ ᠃ ᠴᠢᠩᠭᠢᠰ ᠬᠠᠭᠠᠨ ᠶᠡᠬᠡᠯ᠎ᠠ ᠭᠠᠢᠬᠠᠨ ᠲᠡᠷᠭᠡᠲᠠ ᠪᠠᠨ ᠳᠠᠭᠤᠳᠠᠵᠤ ᠠᠰᠠᠭᠤᠬᠤᠯ᠎ᠠ ᠪᠢᠴᠢᠬᠠᠨ ᠬᠥᠪᠡᠭᠦᠳ ᠄ 《 〈 ᠡᠷᠲᠡᠨ ᠤ ᠮᠡᠷᠭᠡᠳ ᠤᠨ ᠰᠤᠷᠭᠠᠯ ᠢ ᠦᠨᠳᠦᠰᠦᠯᠡᠪᠡᠯ ᠂ ᠬᠣᠶᠠᠷ ᠬᠥᠮᠦᠨ ᠬᠠᠮᠲᠤ ᠶᠠᠪᠤᠪᠠᠯ ᠨᠠᠰᠤ ᠠᠬ᠎ᠠ ᠪᠠᠨ ᠬᠦᠨᠳᠦᠯᠡᠨ᠎ᠡ ᠃ ᠨᠢᠭᠡ ᠬᠥᠮᠦᠨ ᠭᠠᠭᠴᠠᠭᠠᠷ ᠶᠠᠪᠤᠪᠠᠯ ᠮᠠᠯᠠᠭᠠᠢ ᠪᠠᠨ ᠬᠦᠨᠳᠦᠯᠡᠨ᠎ᠡ ᠭᠡᠳᠡᠭ ᠶᠤᠮ ᠃ ᠡᠨᠡ ᠡᠳᠦᠷ ᠪᠢ ᠶᠡᠬᠡ ᠬᠠᠭᠠᠨ ᠢ ᠬᠦᠷᠴᠦ ᠢᠷᠡᠨ᠎ᠡ ᠬᠡᠮᠡᠨ ᠰᠣᠨᠤᠰᠤᠭᠠᠳ ᠲᠥᠷᠦ ᠶᠣᠰᠤ ᠵᠢ ᠤᠷᠢᠳᠴᠢᠯᠠᠨ ᠰᠤᠷᠴᠤ ᠪᠠᠢᠨ᠎ᠠ 〉 ᠭᠡᠵᠦ ᠬᠠᠷᠢᠭᠤᠯᠪᠠ ᠃ ᠴᠢᠩᠭᠢᠰ ᠬᠠᠭᠠᠨ ᠲᠡᠭᠦᠨ ᠢ ᠣᠷᠳᠤᠨ ᠳᠠᠭᠠᠨ ᠳᠠᠭᠠᠭᠤᠯᠤᠨ ᠠᠪᠠᠴᠢᠭᠠᠳ ᠪᠦᠷᠲᠡ ᠦᠵᠢᠨ ᠳᠤ ᠥᠭᠴᠦ ᠪᠢ ᠡᠨᠡ ᠡᠳᠦᠷ ᠠᠪᠠᠯᠠᠷ᠎ᠠ ᠭᠠᠷᠤᠭᠠᠳ ᠨᠢᠭᠡᠨ ᠭᠠᠢᠬᠠᠮᠰᠢᠭᠲᠤ ᠬᠥᠪᠡᠭᠦᠨ ᠣᠯᠵᠤ ᠢᠷᠡᠪᠡ ᠃ ᠲᠡᠭᠦᠨ ᠳᠤ ᠴᠠᠭᠠᠨ ᠭᠡᠳᠡᠭ ᠨᠡᠷ᠎ᠡ ᠥᠭᠭᠦᠭᠡᠳ ᠲᠠᠪᠤᠳᠤᠭᠠᠷ ᠬᠥᠪᠡᠭᠦᠨ ᠢᠶᠠᠨ ᠪᠣᠯᠭᠠᠶ᠎ᠠ ︕ 〉 ᠭᠡᠪᠡ ᠃ ᠪᠦᠷᠲᠡ ᠦᠵᠢᠨ ᠵᠥᠪᠰᠢᠶᠡᠷᠡᠭᠡᠳ ᠡᠷᠭᠦᠨ ᠠᠪᠴᠤ ᠲᠡᠵᠢᠭᠡᠵᠠᠢ 》‍᠎ ᠭᠡᠵᠦ ᠲᠡᠮᠲᠡᠭᠯᠡᠵᠤ ᠪᠤᠢ ᠃ ᠡᠷᠲᠡᠨ ᠤ ᠮᠣᠩᠭᠤᠯᠴᠤᠳ ᠪᠦᠯᠬᠦᠮᠳᠡᠵᠡᠭᠡᠵᠤ ᠬᠠᠷᠢᠯᠴᠠᠨ ᠰᠤᠷᠭᠠᠵᠤ ᠶᠠᠪᠤᠳᠠᠭ ᠪᠠᠢᠵᠠᠢ ᠃ ᠠᠬᠠᠮᠠᠳ ᠨᠢ ᠠᠮᠠ ᠪᠡᠷ ᠬᠡᠯᠡᠵᠦ ᠪᠡᠶ᠎ᠡ ᠪᠡᠷ ᠢᠶᠠᠨ ᠬᠡᠪ ᠲᠦᠷᠢᠮ ᠪᠣᠯᠬᠤ ᠡᠴᠡ ᠭᠠᠳᠠᠨ᠎ᠠ ᠂ ᠪᠠᠰᠠ 《 ᠠᠨᠲᠠ ᠵᠢᠨ ᠠᠬ᠎ᠠ ᠳᠡᠭᠦᠦ ᠪᠠᠷᠢᠯᠳᠤᠬᠤ ᠶᠠᠪᠤᠳᠠᠯ ᠴᠦ ᠤᠯᠠᠨ ᠪᠤᠢ ᠃ ᠬᠡᠷ ᠪᠦᠯᠢ ᠪᠠ ᠨᠡᠢᠭᠡᠮ ᠢᠶᠠᠷ ᠢᠶᠠᠨ ᠪᠦᠯᠬᠦᠮᠲᠡᠨ ᠬᠠᠪᠰᠤᠷᠤᠯᠴᠠᠵᠤ ᠰᠤᠷᠭᠠᠨ ᠬᠥᠮᠦᠵᠢᠯ ᠬᠢᠳᠡᠭ ᠤᠨ ᠤᠯᠠᠮ ᠢᠶᠠᠷ ᠡᠷᠲᠡ ᠦᠶ᠎ᠡ ᠵᠢᠨ ᠮᠣᠩᠭᠤᠯ ᠤᠨ ᠨᠡᠢᠭᠡᠮ ᠨᠢ ᠡᠷᠡᠯᠬᠡᠭ ᠪᠠᠭᠠᠲᠤᠷᠯᠢᠭ ᠪᠥᠭᠡᠳ ᠬᠤᠪᠢ ᠪᠠᠨ ᠪᠣᠳᠤᠳᠠᠭ ᠦᠭᠡᠢ ᠨᠢᠭᠲᠠ ᠪᠦᠯᠬᠦᠮᠳᠡᠳᠡᠭ ᠵᠠᠩ ᠰᠤᠷᠲᠠᠯ ᠤᠨ ᠣᠨᠴᠠᠯᠢᠭ ᠢ ᠪᠤᠢ ᠪᠣᠯᠭᠠᠵᠤ ᠂ ᠲᠡᠭᠦᠨᠴᠢᠯᠡᠨ ᠮᠣᠩᠭᠤᠯ ᠤᠨ ᠵᠠᠯᠠᠭᠤ ᠪᠠᠭᠠᠴᠤᠳ ᠤᠨ ᠰᠠᠢᠨ ᠰᠠᠢᠬᠠᠨ ᠦᠵᠡᠯ ᠰᠠᠨᠠᠭ᠎ᠠ ᠵᠠᠩ ᠮᠤᠷᠠᠯ ᠲᠠᠢ ᠪᠣᠯᠬᠤ ᠳᠤᠨᠢ ᠮᠠᠰᠢ ᠴᠢᠬᠤᠯᠠ ᠦᠢᠯᠡᠳᠦᠯ ᠢ ᠭᠠᠷᠭᠠᠰᠠᠨ ᠶᠤᠮ ᠃

      ᠤᠷᠢᠳᠤ ᠵᠢᠨ ᠮᠣᠩᠭᠤᠯ ᠡᠮᠡᠭᠲᠠᠢᠴᠤᠳ ᠡᠷᠡᠭᠲᠡᠢ ᠬᠥᠮᠦᠨ ᠯᠤᠭᠡ ᠠᠳᠠᠯᠢᠬᠠᠨ ᠬᠠᠷ᠎ᠠ ᠪᠠᠭ᠎ᠠ ᠡᠴᠡ ᠪᠠᠨ ᠮᠣᠷᠢ ᠤᠨᠤᠵᠤ ᠂ ᠨᠤᠮᠤ ᠰᠤᠮᠤ ᠬᠠᠷᠪᠤᠬᠤ ᠪᠠ ᠦᠢᠯᠡᠳᠪᠦᠷᠢᠯᠡᠯ ᠳᠤ ᠴᠠᠭᠠᠷᠠᠭᠰᠠᠨ ᠪᠠᠢᠳᠠᠭ ᠃ ᠺᠠᠷᠫᠢᠨᠢ ᠵᠢᠨ ᠲᠡᠮᠳᠡᠭᠯᠡᠭᠰᠡᠨ ᠢᠶᠠᠷ ᠪᠣᠯ ᠄ 《 ᠵᠠᠯᠠᠭᠤ ᠬᠡᠦᠬᠡᠨᠴᠤᠳ ᠬᠢᠭᠡᠳ ᠪᠦᠰᠡᠭᠦᠢᠴᠦᠳ ᠤᠨ ᠮᠣᠷᠢ ᠤᠨᠤᠬᠤ ᠪᠠ ᠮᠣᠷᠢᠨ ᠨᠢᠷᠤᠭᠤᠨ ᠳᠡᠭᠡᠷ᠎ᠡ ᠳᠡᠭᠳᠡᠵᠦ ᠦᠰᠦᠷᠬᠦ ᠨᠢ ᠪᠦᠰᠡᠭᠦᠢᠴᠦᠳ ᠲᠠᠢ ᠨᠢᠭᠡᠨ ᠠᠳᠠᠯᠢ ᠪᠤᠰᠢᠭᠤ ᠱᠠᠯᠠᠮᠠᠭᠠᠢ ᠪᠠᠢᠳᠠᠭ ᠃ ᠴᠢᠨᠠᠭᠰᠢᠯᠠᠪᠠᠯ ᠲᠡᠳᠠᠨᠠᠷ ᠤᠨ ᠨᠤᠮᠤ ᠰᠤᠮᠤ ᠰᠠᠭᠠᠳᠠᠭᠯᠠᠬᠤ ᠵᠢ ᠬᠦᠷᠲᠡᠯ᠎ᠡ ᠪᠢᠳᠡ ᠣᠯᠵᠤ ᠦᠵᠡᠵᠠᠢ ᠃ ᠡᠷᠡᠭᠲᠡᠢ ᠪᠠ ᠡᠮᠡᠭᠲᠡᠢᠴᠦᠳ ᠨᠢ ᠴᠤᠭᠭᠠᠷ ᠮᠣᠷᠢ ᠤᠨᠤᠵᠤ ᠠᠶᠠᠨ ᠵᠠᠮ ᠬᠦᠬᠡᠬᠡᠬᠦ ᠵᠢ ᠲᠡᠰᠪᠦᠷᠢᠯᠡᠵᠦ ᠴᠢᠳᠠᠳᠠᠭ ᠂ ᠂ ᠂ ᠂ ᠲᠡᠳᠡᠨ ᠤ ᠡᠮᠡᠭᠲᠡᠢᠴᠦᠳ ᠶᠠᠩᠵᠤ ᠪᠦᠷᠢ ᠵᠢᠨ ᠶᠠᠭᠤᠮ᠎ᠠ ᠬᠢᠨ᠎ᠡ ᠃ ᠮᠠᠷᠺᠤ ᠫᠣᠯᠣ ᠪᠠᠰᠠ ᠄ 《 ᠡᠮᠡᠭᠲᠡᠢᠴᠦᠳ ᠨᠢ ᠠᠩᠬᠠᠷᠤᠯ ᠢᠶᠠᠨ ᠪᠦᠷ ᠥᠪᠡᠷ ᠤᠨ ᠢᠶᠠᠨ ᠦᠢᠯᠡᠰ ᠪᠠ ᠬᠡᠷ ᠤᠨ ᠠᠵᠢᠯ ᠳᠡᠭᠡᠷ᠎ᠡ ᠪᠠᠨ ᠲᠠᠯᠪᠢᠵᠠᠢ ᠃ ᠵᠢᠱᠢᠶᠡᠯᠡᠪᠡᠯ ᠂ ᠭᠡᠷ ᠪᠦᠯᠢ ᠵᠢᠨ ᠡᠷᠬᠡᠪᠰᠢ ᠬᠡᠷᠡᠭᠰᠡᠬᠦ ᠢᠳᠡᠭᠡᠨ ᠤ ᠵᠦᠢᠯ ᠢ ᠪᠡᠯᠡᠳᠭᠡᠬᠦ ᠂ ᠵᠠᠷᠤᠴᠠ ᠬᠦᠯᠦᠰᠤᠨ ᠤ ᠬᠥᠮᠦᠨ ᠢ ᠬᠠᠮᠢᠶᠠᠷᠬᠤ ᠂ ᠬᠡᠦᠬᠡᠳ ᠢᠶᠠᠨ ᠬᠠᠷᠠᠭᠠᠯᠵᠠᠬᠤ ᠂ ᠡᠳᠡᠭᠡᠷ ᠨᠢ ᠬᠡᠷᠡᠭᠰᠡᠬᠦ ᠢᠳᠡᠭᠡᠨ ᠤ ᠵᠦᠢᠯ ᠢ ᠪᠡᠯᠡᠳᠭᠡᠬᠦ ᠂ ᠵᠠᠷᠤᠴᠠ ᠬᠦᠯᠦᠰᠤᠨ ᠤ ᠬᠥᠮᠦᠨ ᠢ ᠬᠠᠮᠢᠶᠠᠷᠬᠤ ᠂ ᠬᠡᠦᠬᠡᠳ ᠢᠶᠠᠨ ᠬᠠᠷᠠᠭᠠᠯᠵᠠᠬᠤ ᠂ ᠡᠳᠡᠭᠡᠷ ᠨᠢ ᠪᠦᠷ ᠲᠡᠳᠡᠨ ᠤ ᠡᠳᠦᠷ ᠲᠤᠲᠤᠮ ᠤᠨ ᠠᠵᠢᠯ ᠦᠢᠯᠡ ᠪᠣᠯᠤᠨ᠎ᠠ 》‍᠎ ᠂ 《 ᠡᠷ᠎ᠡ ᠨᠥᠬᠦᠷ ᠤᠨ ᠢᠶᠠᠨ ᠬᠡᠷ ᠪᠦᠯᠢ ᠵᠢᠨ ᠬᠡᠷᠡᠭᠰᠡᠬᠦ ᠠᠯᠢᠪᠠ ᠡᠳ᠋ ᠪᠣᠳᠠᠰ ᠢ ᠪᠦᠷ ᠡᠮᠡᠭᠲᠡᠢᠴᠦᠳ ᠪᠡᠯᠡᠳᠭᠡᠳᠡᠭ 》‍᠎ ᠭᠡᠵᠦ ᠬᠡᠯᠡᠵᠡᠢ ᠃

       ᠡᠷᠲᠡᠨ ᠤ ᠨᠡᠭᠦᠳᠡᠯᠴᠢᠨ ᠨᠡᠢᠭᠡᠮ ᠤᠨ ᠳᠤᠮᠳᠠ ᠡᠮᠡᠭᠲᠡᠢᠴᠦᠳ ᠨᠢ ᠮᠠᠰᠢ ᠴᠢᠬᠤᠯᠠ ᠦᠢᠯᠡᠳᠦᠯ ᠭᠠᠷᠭᠠᠵᠤ ᠪᠠᠢᠭᠰᠠᠨ ᠶᠤᠮ ᠃ ᠲᠡᠷᠡ ᠮᠣᠩᠭᠤᠯ ᠭᠡᠷ ᠤᠨ ᠡᠵᠡᠨ ᠤ ᠬᠤᠪᠢ ᠪᠡᠷ ᠬᠡᠷ ᠲᠡᠬᠢ ᠠᠵᠢᠯ ᠦᠢᠯᠡ ᠪᠣᠯᠭᠠᠨ ᠢ ᠡᠷᠬᠢᠯᠡᠵᠦ ᠂ ᠬᠣᠢᠴᠢ ᠦᠶ᠎ᠡ ᠪᠠᠨ ᠰᠤᠷᠭᠠᠨ ᠬᠥᠮᠦᠵᠢᠭᠦᠯᠬᠦ ᠂ ᠮᠠᠯ ᠢᠶᠠᠨ ᠠᠷᠠᠴᠢᠯᠠᠵᠤ ᠰᠥ᠋ ᠴᠠᠭᠠᠨ ᠢᠳᠡᠭᠡ ᠪᠣᠯᠪᠠᠰᠤᠷᠠᠭᠤᠯᠬᠤ ᠂ ᠮᠣᠩᠭᠤᠯ ᠬᠡᠷ ᠤᠨ ᠡᠵᠡᠨ ᠤ ᠬᠤᠪᠢ ᠪᠡᠷ ᠬᠡᠷ ᠲᠡᠬᠢ ᠠᠵᠢᠯ ᠦᠢᠯᠡ ᠪᠣᠯᠭᠠᠨ ᠢ ᠡᠷᠬᠢᠯᠡᠵᠦ ᠂ ᠬᠣᠢᠴᠢ ᠦᠶ᠎ᠡ ᠪᠠᠨ ᠰᠤᠷᠭᠠᠨ ᠬᠥᠮᠦᠵᠢᠭᠦᠯᠬᠦ ᠂ ᠮᠠᠯ ᠢᠶᠠᠨ ᠠᠷᠠᠴᠢᠯᠠᠵᠤ ᠰᠥ᠋ ᠴᠠᠭᠠᠨ ᠢᠳᠡᠭᠡ ᠪᠣᠯᠪᠠᠰᠤᠷᠠᠭᠤᠯᠬᠤ ᠂ ᠮᠣᠩᠭᠤᠯ ᠭᠡᠷ ᠤᠨ ᠡᠳ᠋ᠯᠡᠯ ᠬᠢᠬᠦ ᠵᠡᠷᠭᠡ ᠶᠠᠩᠵᠤ ᠪᠦᠷᠢ ᠵᠢᠨ ᠠᠵᠢᠯ ᠬᠥᠳᠡᠯᠮᠦᠷᠢ ᠵᠢ ᠪᠦᠷ ᠬᠢᠳᠡᠭ ᠃ ᠡᠢᠮᠦ ᠡᠴᠡ ᠲᠡᠳᠡᠨᠡᠷ ᠪᠣᠯ ᠦᠢᠯᠡᠳᠪᠦᠷᠢᠯᠡᠭᠴᠢ ᠪᠥᠭᠡᠳ ᠰᠤᠷᠭᠠᠨ ᠬᠥᠮᠦᠵᠢᠭᠦᠯᠦᠭᠴᠢ ᠶᠤᠮ ᠃ ᠲᠠᠢᠨ ᠲᠤᠯᠤᠯᠳᠤᠭᠠᠨ ᠤ ᠦᠶᠡᠰ ᠲᠦ ᠴᠡᠷᠢᠭ ᠤᠨ ᠠᠮᠤ ᠬᠦᠨᠡᠰᠦ ᠵᠢ ᠬᠠᠩᠭᠠᠬᠤ ᠪᠤᠶᠤ ᠮᠠᠯ ᠢᠶᠠᠨ ᠲᠤᠳᠤᠮᠲᠠᠨ ᠠᠷᠠᠴᠢᠯᠠᠵᠤ ᠪᠠᠢᠳᠠᠭ ᠃ ᠲᠡᠢᠮᠦ ᠡᠴᠡ ᠡᠷᠲᠡᠨ ᠤ ᠮᠣᠩᠭᠤᠯᠴᠤᠳ ᠨᠢ ᠡᠮᠡᠭᠲᠠᠢᠴᠤᠳ ᠤᠨ ᠨᠡᠢᠭᠡᠮ ᠤᠨ ᠪᠠᠢᠷᠢ ᠰᠠᠭᠤᠷᠢ ᠪᠠ ᠦᠢᠯᠡᠳᠦᠯ ᠢ ᠲᠤᠢᠯ ᠢᠶᠠᠷ ᠬᠦᠨᠳᠦᠯᠡᠳᠡᠭ ᠪᠥᠭᠡᠳ ᠡᠮᠡᠭᠲᠡᠢᠴᠦᠳ ᠤᠨ ᠳᠠᠭᠤᠳᠠᠯᠭ᠎ᠠ ᠳᠤ ᠴᠢᠩᠭ᠎ᠠ ᠱᠠᠭᠠᠷᠳᠠᠯᠭ᠎ᠠ ᠲᠠᠢ ᠪᠠᠢᠵᠠᠢ ᠃ ᠢᠩᠭᠢᠵᠦ ᠰᠤᠷᠭᠠᠨ ᠬᠥᠮᠦᠵᠢᠯ ᠢ ᠦᠢᠯᠡᠳᠪᠦᠷᠢᠯᠡᠯ ᠬᠥᠳᠡᠯᠮᠦᠷᠢ ᠵᠢᠨ ᠳᠤᠮᠳᠠ ᠪᠠᠢᠷᠢᠯᠠᠭᠤᠯᠵᠤ ᠂ ᠡᠮᠡᠭᠲᠡᠢᠴᠦᠳ ᠨᠢ ᠲᠡᠭᠦᠨ ᠤ ᠳᠤᠮᠳᠠ ᠮᠠᠰᠢ ᠴᠢᠬᠤᠯᠠ ᠦᠢᠯᠡᠳᠦᠯ ᠢ ᠪᠠᠳᠠᠷᠠᠭᠤᠯᠵᠤ ᠪᠠᠢᠯ᠎ᠠ ᠃


      ᠮᠣᠩᠭᠤᠯ ᠬᠥᠮᠦᠨ ᠦᠨᠡᠨᠴᠢ ᠰᠢᠳᠤᠷᠭᠤ ᠪᠠᠢᠵᠤ ᠂ ᠬᠤᠳᠠᠯ ᠬᠠᠭᠤᠷᠮᠠᠭ ᠪᠠᠢᠳᠠᠯ ᠦᠭᠡᠢ ᠪᠡᠷ ᠢᠶᠠᠨ ᠬᠣᠷᠸ᠎ᠠ ᠳᠤ ᠠᠯᠳᠠᠷᠰᠢᠭᠰᠠᠨ ᠃ ᠡᠷᠲᠡᠨ ᠤ ᠮᠣᠩᠭᠤᠯᠴᠤᠳ ᠦᠨᠡᠨᠴᠢ ᠰᠢᠳᠤᠷᠭᠤ ᠵᠢ ᠬᠥᠮᠦᠨ ᠪᠣᠯᠬᠤ ᠵᠢᠨ ᠴᠢᠬᠤᠯᠠ ᠵᠠᠷᠴᠢᠮ ᠬᠢᠭᠡᠳ ᠡᠷᠬᠢᠮ ᠵᠠᠩ ᠮᠤᠷᠠᠯ ᠪᠣᠯᠭᠠᠨ ᠦᠵᠡᠳᠡᠭ ᠪᠠᠢᠪᠠ ᠃ ᠠᠪᠤ ᠡᠵᠢ ᠂ ᠠᠬᠠᠰ ᠵᠠᠬᠠᠰ ᠰᠢᠳᠤᠷᠭᠤ ᠵᠢ ᠬᠥᠮᠦᠨ ᠪᠣᠯᠬᠤ ᠵᠢᠨ ᠴᠢᠬᠤᠯᠠ ᠵᠠᠷᠴᠢᠮ ᠬᠢᠭᠡᠳ ᠡᠷᠬᠢᠮ ᠵᠠᠩ ᠮᠤᠷᠠᠯ ᠪᠣᠯᠭᠠᠨ ᠦᠵᠡᠳᠡᠭ ᠪᠠᠢᠪᠠ ᠃ ᠠᠪᠤ ᠡᠵᠢ ᠂ ᠠᠬᠠᠰ ᠵᠠᠬᠠᠰ ᠪᠣᠯᠤᠭᠰᠠᠳ ᠨᠢ ᠪᠦᠷ ᠡᠨᠡ ᠵᠠᠷᠴᠢᠮ ᠢᠶᠠᠷ ᠦᠷ᠎ᠡ ᠠᠴᠢ ᠂ ᠬᠡᠦᠬᠡᠳ ᠳᠡᠭᠦᠦᠨᠡᠷ ᠂ ᠠᠨᠲᠠ ᠨᠠᠢᠵᠠ ᠵᠢᠴᠢ ᠪᠦᠬᠦᠢᠯᠡ ᠨᠡᠢᠭᠡᠮ ᠤᠨ 《 ᠬᠠᠨᠢ 》‍᠎ ᠪᠠᠨ ᠦᠷᠭᠦᠯᠵᠢᠲᠠ ᠰᠤᠷᠭᠠᠨ ᠬᠥᠮᠦᠵᠢᠭᠦᠯᠦᠨ ᠥᠨᠳᠦᠷ ᠱᠠᠭᠠᠷᠳᠠᠯᠭ᠎ᠠ ᠪᠡᠷ ᠱᠠᠭᠠᠷᠳᠠᠳᠠᠭ ᠪᠠᠢᠯ᠎ᠠ ᠃ ᠢᠯᠠᠩᠭᠤᠶ᠎ᠠ ᠠᠨᠲᠠ ᠨᠦᠭᠦᠳ ᠤᠨ ᠬᠣᠭᠤᠷᠤᠨᠳᠤ ᠪᠠᠨ ᠦᠨᠡᠨᠴᠢ ᠰᠢᠳᠤᠷᠭᠤ ᠮᠥᠷᠲᠡᠭᠡᠨ ᠢᠲᠡᠭᠡᠯᠲᠡᠢ ᠪᠠᠢᠬᠤ ᠵᠢ ᠱᠠᠭᠠᠷᠳᠠᠵᠤ ᠬᠤᠳᠠᠯ ᠬᠡᠯᠡᠬᠦ ᠵᠢ ᠡᠷᠡᠰ ᠡᠰᠡᠷᠭᠦᠴᠡᠳᠡᠭ ᠃

      ᠶᠡᠷᠦᠩᠬᠡᠢᠯᠡᠪᠡᠯ ᠂ ᠮᠣᠩᠭᠤᠯ ᠦᠨᠳᠦᠰᠦᠲᠡᠨ ᠤ ᠡᠷᠲᠡᠨ ᠤ ᠰᠤᠷᠭᠠᠨ ᠬᠥᠮᠦᠵᠢᠯ ᠨᠢ ᠬᠡᠳᠦᠢᠪᠡᠷ ᠬᠠᠭᠤᠴᠢᠨ ᠪᠣᠷᠤᠭᠵᠢᠭᠤᠨ ᠬᠡᠯᠪᠡᠷᠢ ᠲᠠᠢ ᠪᠠᠢᠭᠰᠠᠨ ᠪᠣᠯᠪᠠᠴᠤ ᠬᠡᠯᠪᠡᠷᠢ ᠵᠢᠨ ᠲᠠᠯ᠎ᠠ ᠪᠡᠷ ᠤᠯᠠᠨ ᠶᠠᠩᠵᠤ ᠪᠠᠢᠵᠤ ᠠᠷᠭ᠎ᠠ ᠵᠢᠨ ᠠᠳᠠᠯᠢ ᠦᠭᠡᠢ ᠪᠠᠢᠵᠠᠢ ᠃ ᠭᠡᠪᠡᠴᠦ ᠰᠤᠷᠭᠠᠨ ᠬᠥᠮᠦᠵᠢᠯ ᠤᠨ ᠠᠭᠤᠯᠭ᠎ᠠ ᠨᠢ ᠦᠨᠡᠨ ᠪᠣᠳᠠᠲᠠᠢ ᠮᠥᠷᠲᠡᠭᠡᠨ ᠢᠯᠭᠤᠮ ᠶᠠᠪᠤᠭᠤᠰᠢᠲᠠᠢ ᠪᠠᠢᠭᠰᠠᠨ ᠡᠴᠡ ᠲᠤᠬᠠᠢ ᠵᠢᠨ ᠦᠶ᠎ᠡ ᠵᠢᠴᠢ ᠣᠳᠤ ᠴᠦ ᠭᠡᠰᠡᠨ ᠲᠡᠭᠦᠨ ᠳᠤ ᠭᠠᠷᠭᠠᠭᠰᠠᠨ ᠨᠥᠯᠦᠭᠡ ᠦᠢᠯᠡᠳᠦᠯ ᠨᠢ ᠯᠤᠲᠤ ᠶᠡᠬᠡ ᠪᠠᠢᠭ᠎ᠠ ᠶᠤᠮ ᠃ ᠣᠳᠣᠬᠢ ᠰᠤᠷᠭᠠᠨ ᠬᠥᠮᠦᠵᠢᠯ ᠠᠷᠭ᠎ᠠ ᠮᠠᠶᠢᠭ ᠨᠢ ᠬᠡᠷ ᠪᠦᠯᠢ ᠵᠢᠨ ᠪᠠ ᠨᠡᠢᠭᠡᠮ ᠤᠨ ᠲᠠᠯ᠎ᠠ ᠵᠢᠨ ᠤᠯᠠᠮᠵᠢᠯᠠᠯᠲᠤ ᠰᠤᠷᠭᠠᠨ ᠬᠥᠮᠦᠵᠢᠯ ᠡᠴᠡ ᠭᠠᠳᠠᠨ᠎ᠠ ᠪᠠᠰᠠ ᠰᠤᠷᠭᠠᠭᠤᠯᠢ ᠵᠢᠨ ᠰᠤᠷᠭᠠᠨ ᠬᠥᠮᠦᠵᠢᠯ ᠪᠤᠶᠤ ᠨᠢᠯᠬ᠎ᠠ ᠬᠡᠦᠬᠡᠳ ᠤᠨ ᠰᠤᠷᠭᠠᠨ ᠬᠥᠮᠦᠵᠢᠯ ᠭᠡᠬᠦ ᠵᠡᠷᠭᠡ ᠠᠭᠤᠯᠭ᠎ᠠ ᠨᠡᠮᠡᠭᠳᠡᠵᠦ ᠂ ᠮᠣᠩᠭᠤᠯ ᠦᠨᠳᠦᠰᠦᠲᠡᠨ ᠤ ᠦᠪᠢᠷᠮᠢᠴᠠ ᠰᠤᠷᠭᠠᠨ ᠬᠥᠮᠦᠵᠢᠭᠦᠯᠬᠦ ᠠᠷᠭ᠎ᠠ ᠪᠠᠷᠢᠯ ᠳᠤ ᠰᠢᠨ᠎ᠡ ᠠᠭᠤᠯᠭ᠎ᠠ ᠨᠡᠮᠡᠭᠳᠡᠭᠦᠯᠦᠭᠰᠡᠨ ᠪᠠᠢᠨ᠎ᠠ ᠃


           ‍᠎   ᠵᠣᠬᠢᠶᠠᠯ ᠤᠨ ᠢᠷᠡᠯᠲᠡ ᠄ ᠲᠥᠪ ᠲᠧᠯᠸᠢᠰ ᠤᠨ ᠮᠣᠩᠭᠤᠯ ᠰᠦᠯᠵᠢᠶ᠎ᠡ
 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )