ᠰᠣᠶᠤᠯ ᠡᠷᠳᠡᠨᠢ ᠰᠣᠩᠭᠤᠳᠠᠭ ᠪᠤᠯᠪᠠᠰᠤᠷᠠᠯ
ᠮᠣᠩᠭᠤᠯ ᠲᠡᠦᠬᠡ ᠵᠢᠨ ᠪᠣᠯᠪᠠᠰᠤᠷᠠᠯ  ᠤᠨ ᠰᠡᠳᠦᠪ
2016.12.16 ᠲᠣᠰ ᠥᠷᠲᠡᠭᠡᠨ ᠦ ᠨᠠᠢᠷᠠᠭᠤᠯᠤᠭᠴᠢ
ᠮᠣᠩᠭᠤᠯ ᠲᠡᠦᠬᠡ ᠵᠢᠨ ᠪᠣᠯᠪᠠᠰᠤᠷᠠᠯ  ᠤᠨ ᠰᠡᠳᠦᠪ
 
( ᠲᠤᠰ ᠰᠡᠳᠦᠪ  ᠢ ᠠᠩᠬ᠎ᠠ ᠳᠤᠮᠳᠠᠳᠤ ᠵᠢᠨ ᠮᠣᠩᠭᠤᠯ ᠲᠡᠦᠬᠡ ᠵᠢᠨ ᠰᠤᠷᠬᠤ ᠪᠢᠴᠢᠭ᠌  ᠢ ᠦᠨᠳᠦᠰᠦᠯᠡᠨ ᠨᠠᠢᠷᠠᠭᠤᠯᠪᠠ )
 
       ᠎ ᠨᠢᠭᠡ ᠄ ᠬᠠᠭᠠᠯᠲᠠ ᠲᠠᠭᠯᠠᠬᠤ ᠰᠡᠳᠦᠪ
⒈ ᠮᠣᠩᠭᠤᠯ ᠠᠢᠮᠠᠭ ᠪᠣᠯ ᠳ᠋ᠦᠩᠬᠤ  ᠶᠢᠨ ᠬᠣᠢᠴᠢᠰ ( ) ᠨᠠᠷ  ᠤᠨ ᠨᠢᠭᠡ ᠰᠠᠯᠠᠭ᠎ᠠ ᠮᠥᠨ ︔ ( ) ᠭᠣᠣᠯ  ᠤᠨ ᠡᠮᠤᠨᠡᠬᠦᠷᠬᠢ ᠤᠢ ᠰᠢᠭᠤᠢ ᠳᠤ ᠠᠮᠢᠳᠤᠷᠠᠵᠤ ᠪᠠᠢᠪᠠ ᠃
⒉ ᠰᠢᠷ᠎ᠠ ᠮᠥᠷᠡᠨ ᠪᠠ ( ) ᠭᠣᠣᠯ  ᠤᠨ ᠰᠠᠪᠠ ᠭᠠᠵᠠᠷ ᠲᠥ ᠨᠤᠲᠤᠭᠯᠠᠵᠤ ᠪᠠᠢᠭᠰᠠᠨ ᠰᠢᠶᠠᠨᠪᠢ ᠠᠢᠮᠠᠭ  ᠢ ( ) ᠬᠡᠮᠡᠨ ᠨᠡᠷᠡᠢᠳᠳᠡᠭ ᠃
⒊ ᠪᠠᠷᠤᠭ ᠨᠠᠢ᠍ᠮᠠᠳᠤᠭᠠᠷ ᠵᠠᠭᠤᠨ  ᠤ ᠳᠤᠮᠳᠠᠴᠢ ᠪᠠᠷ ᠮᠣᠩᠭᠤᠯᠴᠤᠳ ᠡᠷᠭᠦᠨ᠎ᠡ ᠭᠣᠣᠯ  ᠡᠴᠡ ᠪᠠᠨ ᠨᠡᠭᠦᠳᠡᠯᠯᠡᠨ ᠭᠠᠷᠴᠤ ᠂ ᠤᠨᠤᠨ ᠂ ( ) ᠂ ( ) ᠭᠤᠷᠪᠠᠨ ᠭᠣᠣᠯ  ᠤᠨ ᠡᠬᠢ ᠪᠤᠷᠬᠠᠨ ᠬᠠᠯᠳᠤᠨ᠎ᠠ ᠠᠭᠤᠯᠠ ᠵᠢᠨ ᠬᠠᠪᠢ  ᠳᠤ ᠰᠢᠯᠵᠢᠨ ᠢᠷᠡᠵᠦ ᠨᠤᠲᠤᠭᠯᠠᠪᠠ ᠃
⒋ ᠮᠣᠩᠭᠤᠯ ᠠᠢᠮᠠᠭ ᠤᠤᠯ ᠨᠢ ᠡᠷᠭᠦᠨ᠎ᠡ ᠭᠣᠣᠯ  ᠤᠨ ᠡᠮᠤᠨᠡᠬᠦᠷ ᠨᠤᠲᠤᠭᠯᠠᠵᠤ ( ) ᠂ ( ) ᠬᠣᠶᠠᠷ ᠣᠪᠤᠭ ᠢᠶᠡᠷ ᠪᠦᠷᠢᠯᠳᠤᠪᠡ ᠃ ᠰᠡᠭᠦᠯᠡᠷ ᠨᠢ ᠬᠠᠷᠢ ᠠᠢᠮᠠᠭ  ᠲᠠᠢ ᠲᠠᠢᠯᠠᠯᠠᠳᠤᠨ ᠢᠯᠠᠭᠳᠠᠵᠤ ᠂ ᠡᠷᠭᠦᠨ᠎ᠡ ᠬᠤᠨ ᠳᠤ ᠰᠢᠷᠭᠤᠵᠤ ᠂ ᠳᠥᠷᠪᠡᠨ ᠵᠠᠭᠤᠨ ᠵᠢᠯ ᠭᠠᠷᠤᠢ ᠪᠣᠯᠤᠭᠠᠳ ᠭᠠᠷᠴᠤ ᠢᠷᠡᠪᠡ ᠃ ᠡᠭᠦᠨ  ᠤ ᠳᠣᠲᠤᠷ᠎ᠠ ( ) ᠭᠡᠳᠡᠭ ᠨᠡᠷ᠎ᠡ ᠲᠠᠢ ᠬᠡᠲᠦ ᠬᠡᠳᠦᠨ ᠠᠢᠮᠠᠭ  ᠤᠨ ᠬᠣᠯᠪᠤᠭᠠᠨ  ᠤ ᠠᠭᠯᠠᠭᠴᠢ ᠪᠠᠢᠵᠠᠢ ᠃
⒌ ᠡᠷᠭᠦᠨ᠎ᠡ ᠬᠤᠨ  ᠡᠴᠡ ᠨᠡᠭᠦᠳᠡᠯᠯᠡᠨ ᠭᠠᠷᠴᠤ ᠢᠷᠡᠭᠰᠡᠨ ᠮᠣᠩᠭᠤᠯᠴᠤᠳ  ᠢ ( ) ᠭᠡᠨ᠎ᠡ ᠃ ᠪᠦᠷᠳᠡ ᠴᠢᠨᠦ᠎ᠠ  ᠡᠴᠡ ᠳᠣᠷᠤᠭᠰᠢ ᠠᠷᠪᠠᠨ ᠭᠤᠷᠪᠠᠳᠤᠭᠠᠷ ᠦᠶ᠎ᠡ ᠂ ᠠᠯᠠᠨ ᠭᠤᠸ᠎ᠠ ᠡᠬᠡ  ᠡᠴᠡ ᠬᠡᠷᠡᠯ ᠢᠶᠡᠷ ᠵᠢᠷᠮᠤᠰᠦᠯᠡᠨ ᠲᠥᠷᠦᠭᠰᠡᠨ ᠪᠤᠲᠠᠨᠴᠢᠷ ᠠᠬ᠎ᠠ ᠳᠡᠭᠦᠦ ᠭᠤᠷᠪᠠᠭᠤᠯᠠ  ᠡᠴᠡ ᠡᠭᠦᠰᠦᠭᠰᠡᠨ ᠮᠣᠩᠭᠤᠯ  ᠢ ( ) ᠭᠡᠳᠡᠭ ᠃
⒍ ᠢᠵᠠᠭᠤᠷ ᠮᠣᠩᠭᠤᠯ ᠪᠢᠰᠢ ᠪᠣᠯᠪᠠᠴᠤ ᠮᠣᠩᠭᠤᠯ ᠤᠭᠰᠠᠭ᠎ᠠ ᠭᠡᠵᠦ ᠪᠠᠲᠤᠲᠠᠢ ᠮᠡᠳᠡᠭᠳᠡᠭᠰᠡᠨ ᠨᠢ ( ) ᠂ ( ) ᠂ ( ) ( ) ᠭᠡᠵᠦ ᠪᠤᠢ ᠃
⒎ ᠬᠡᠪ ᠵᠠᠩᠰᠢᠯ ᠂ ᠠᠵᠤ ᠠᠬᠤᠢ ᠂ ᠭᠠᠳᠠᠭᠠᠳᠤ ᠳᠦᠷᠢ ᠪᠠᠢᠳᠠᠯ  ᠤᠨ ᠬᠤᠪᠢ ᠳᠤ ᠮᠣᠩᠭᠤᠯᠴᠤᠳ ᠲᠠᠢ ᠠᠳᠠᠯᠢ ᠲᠦᠰᠦᠬᠡᠳᠠᠢ ᠪᠥᠭᠡᠳ ᠠᠷᠪᠠᠨ ᠭᠤᠷᠪᠠᠳᠤᠭᠠᠷ ᠵᠠᠭᠤᠨ  ᠤ ᠦᠶ᠎ᠡ ᠳᠤ ᠮᠣᠩᠭᠤᠯ ᠢᠶᠡᠷ ᠬᠡᠯᠡᠯᠴᠡᠵᠦ ᠪᠠᠢᠭᠰᠠᠨ ( ) ᠂ ( ) ᠂ ( ) ᠵᠡᠷᠭᠡ ᠠᠢᠮᠠᠭ ᠪᠣᠯ ᠮᠤᠩᠭᠤᠯᠵᠢᠭᠰᠠᠨ ᠲᠦᠷᠺ ᠠᠢᠮᠠᠭ ᠪᠣᠯᠤᠨ᠎ᠠ ᠃
⒏ ᠠᠷᠪᠠᠨ ᠨᠢᠭᠡ ᠊ ᠠᠷᠪᠠᠨ ᠭᠤᠷᠪᠠᠳᠤᠭᠠᠷ ᠵᠠᠭᠤᠨ  ᠤ ᠦᠶ᠎ᠡ ᠳᠤ ᠮᠣᠩᠭᠤᠯ ᠨᠤᠲᠤᠭ  ᠲᠦ ᠠᠮᠢᠳᠤᠷᠠᠵᠤ ᠪᠠᠢᠭᠰᠠᠨ ᠠᠢᠮᠠᠭ  ᠦᠳ  ᠢ ᠲᠡᠳᠡᠨ  ᠤ ᠠᠮᠢᠳᠤᠷᠠᠯ  ᠤᠨ ᠬᠡᠯᠪᠡᠷᠢ ᠪᠠᠷ ᠨᠢ ( ) ᠂ ( ) ᠭᠡᠵᠦ ᠬᠣᠶᠠᠷ ᠬᠤᠪᠢᠶᠡᠨ᠎ᠡ ᠃
⒐ ᠢᠵᠠᠭᠤᠷ ᠮᠣᠩᠭᠤᠯ  ᠤᠨ ᠤᠯᠠᠨ ᠣᠪᠤᠭ  ᠤᠨ ᠳᠣᠲᠤᠷ᠎ᠠ ( ) ᠣᠪᠤᠭ ᠪᠣᠯ ᠨᠣᠶᠠᠯᠠᠬᠤ ᠢᠵᠠᠭᠤᠷᠯᠢᠭ ᠣᠪᠤᠭ ᠪᠣᠯᠤᠨ᠎ᠠ᠃
⒑ ᠠᠷᠪᠠᠨ ᠬᠣᠶᠠᠳᠤᠭᠠᠷ ᠵᠠᠭᠤᠨ  ᠤ ᠡᠬᠢᠨ  ᠤ ᠦᠶ᠎ᠡ ᠪᠠᠷ ( ) ᠬᠠᠭᠠᠨ ᠢᠵᠠᠭᠤᠷ ᠮᠣᠩᠭᠤᠯ  ᠤᠨ ᠲᠥᠷᠦ ( ) ᠤᠯᠤᠰ  ᠢ ᠪᠠᠢᠭᠤᠯᠵᠠᠢ ᠃
⒒ ᠲᠡᠮᠦᠵᠢᠨ ᠡᠷ᠎ᠡ ᠵᠢᠨ ᠴᠡᠬᠡᠯ ᠳᠤ ᠬᠦᠷᠦᠮᠡᠭᠴᠡ ᠪᠤᠲᠠᠷᠠᠭᠰᠠᠨ ᠮᠣᠩᠭᠤᠯ  ᠢ ᠨᠢᠭᠡᠳᠭᠡᠬᠦ ᠳᠡᠭᠡᠨ ( ) ᠂ ( ) ᠨᠠᠷ ᠲᠠᠢ ᠬᠣᠯᠪᠤᠭᠠᠯᠠᠨ ᠭᠡᠷᠭᠡᠢ ᠪᠦᠷᠳᠡ  ᠶᠢ ᠪᠤᠯᠢᠶᠠᠭᠰᠠᠨ ᠥᠰᠲᠡᠨ ( ) ᠠᠢᠮᠠᠭ  ᠤᠨ ᠳᠣᠪᠲᠤᠯᠤᠯ  ᠢ ᠨᠢᠴᠤᠭᠠᠪᠠ ᠃ ( ) ᠤᠨ ᠳᠤ ᠲᠡᠮᠦᠵᠢᠨ ᠬᠠᠮᠤᠭ ᠮᠣᠩᠭᠤᠯ  ᠤᠨ ᠬᠠᠭᠠᠨ ᠡᠷᠬᠦᠮᠵᠢᠯᠡᠭᠳᠡᠪᠡ ᠃ ᠲᠡᠭᠦᠨ  ᠡᠴᠡ ᠬᠣᠢᠰᠢ ᠲᠡᠮᠦᠵᠢᠨ ᠪᠠ ( ) ᠬᠣᠶᠠᠭᠤᠯᠠ ᠡᠶ᠎ᠡ ᠡᠪᠳᠡᠷᠡᠨ ᠮᠣᠩᠭᠤᠯ ᠤᠯᠤᠰ  ᠤᠨ ᠬᠠᠭᠠᠨ ᠰᠠᠭᠤᠷᠢᠨ  ᠤ ᠲᠥᠯᠦᠭᠡ ᠲᠡᠮᠡᠴᠡᠯᠳᠤᠪᠠ ᠃ ᠲᠡᠳᠡ ᠬᠣᠶᠠᠷ  ᠤᠨ ᠠᠩᠬᠠᠨ  ᠤ ᠪᠠᠢᠯᠳᠤᠭᠠᠨ ᠨᠢ ( ) ᠭᠡᠳᠡᠭ ᠭᠠᠵᠠᠷ ᠶᠠᠪᠤᠭᠳᠠᠵᠤ ᠵᠠᠮᠤᠬ᠎ᠠ ᠢᠯᠠᠭᠰᠠᠨ ᠴᠤ ᠢᠯᠠᠯᠲᠠ ᠪᠠᠨ ᠪᠠᠲᠤᠳᠭᠠᠵᠤ ᠴᠢᠳᠠᠭᠰᠠᠨ ᠦᠭᠡᠢ ᠃
⒓ ᠳᠠᠷᠠᠭ᠎ᠠ ᠨᠢ ᠲᠡᠮᠦᠵᠢᠨ ᠣᠩ ᠬᠠᠭᠠᠨ ᠲᠠᠢ ᠬᠠᠮᠲᠤᠷᠠᠨ ᠂ ᠠᠯᠳᠠᠨ ᠤᠯᠤᠰ  ᠢ ᠬᠠᠪᠰᠤᠷᠴᠤ ᠂ ᠲᠠᠲ᠋ᠠᠷ  ᠤᠨ ᠲᠦᠷᠦᠭᠦᠦ ( ) ᠵᠢᠨ ᠡᠰᠡᠷᠭᠦ ᠠᠶᠠᠨ ᠲᠠᠢᠨ ᠬᠢᠵᠦ ᠲᠡᠭᠦᠨ  ᠢ ᠪᠠᠷᠢᠵᠤ ᠠᠯᠠᠪᠠ ᠃ ⒔1206    ᠤᠨ   ᠳᠤ ( ) ᠮᠥᠷᠡᠨ  ᠤ ᠲᠡᠷᠢᠭᠦᠨ ᠳᠤ ᠪᠦᠬᠦ ᠨᠣᠶᠠᠳ ᠬᠤᠷᠠᠯᠳᠠᠢ ᠬᠤᠷᠯᠠᠳᠤᠭᠤᠯᠵᠤ ᠂ ᠶᠢᠰᠦᠨ ᠬᠥᠬᠦᠯᠲᠦ ᠴᠠᠭᠠᠨ ᠲᠤᠭ ᠢᠶᠡᠨ ᠪᠠᠢᠭᠤᠯᠤᠭᠠᠳ ᠲᠡᠮᠦᠵᠢᠨ ᠢ ᠪᠦᠬᠦ ᠮᠣᠩᠭᠤᠯ  ᠤᠨ ᠬᠠᠭᠠᠨ ᠡᠷᠬᠦᠮᠵᠢᠯᠠᠵᠤ ᠂ ( ) ᠴᠣᠯᠠ ᠥᠭᠪᠡ ᠃ ᠤᠯᠤᠰ  ᠤᠨ ᠴᠣᠯᠠ ᠪᠠᠨ ( ) ᠭᠡᠵᠦ ᠨᠡᠷᠡᠢᠳᠪᠡ ᠃
⒕ ᠴᠢᠩᠭᠢᠰ ᠬᠠᠭᠠᠨ ᠤᠤᠯ  ᠤᠨ ᠣᠪᠤᠭ  ᠤᠨ ᠵᠣᠬᠢᠶᠠᠨ ᠪᠠᠢᠭᠤᠯᠤᠯᠲᠠ  ᠢ ᠡᠪᠳᠡᠨ ᠪᠦᠬᠦ ᠤᠯᠤᠰ ᠢᠶᠡᠨ ᠭᠠᠵᠠᠷ ᠣᠷᠤᠨ ᠢᠶᠡᠷ ᠨᠢ ᠨᠢᠭᠡᠴᠢ ᠪᠣᠯᠭᠠᠨ ( ᠂ ᠂ ᠂ ) ᠵᠣᠬᠢᠶᠠᠨ ᠪᠠᠢᠭᠤᠯᠤᠯᠲᠠ ᠪᠠᠷ ᠬᠤᠪᠢᠶᠠᠵᠠᠢ ᠃ ᠲᠡᠭᠦᠨ  ᠤ ᠰᠢᠭᠤᠳ ᠨᠣᠶᠠᠷᠬᠠᠯ ᠳᠣᠣᠷᠠᠬᠢ ᠠᠷᠠᠳ ᠲᠦᠮᠡᠨ ᠢᠶᠡᠨ ( ) ᠮᠢᠩᠭᠠᠨ ᠵᠣᠬᠢᠶᠠᠨ ᠪᠠᠢᠭᠤᠯᠵᠤ ᠂ ᠵᠡᠭᠦᠨ ᠪᠠᠷᠠᠭᠤᠨ ᠲᠦᠮᠡᠨ ᠳᠤ ᠵᠠᠬᠢᠷᠤᠭᠤᠯᠪᠠ ᠃ ᠪᠠᠷᠠᠭᠤᠨ ᠭᠠᠷᠤᠨ ᠲᠦᠮᠡᠨ ᠨᠢ ( ) ᠠᠭᠤᠯᠠ  ᠶᠢ ᠲᠡᠷᠡᠯᠡᠵᠤ ᠂ ᠵᠡᠭᠦᠨ ᠭᠠᠷᠤᠨ ᠲᠦᠮᠡᠨ ᠨᠢ ( )  ᠲᠡᠷᠡᠯᠡᠵᠤ ᠪᠠᠢᠪᠠ ᠃
⒖ ( ) ᠴᠡᠷᠢᠭ ᠪᠣᠯ ᠶᠡᠷᠦ ᠵᠢᠨ ᠴᠠᠭ ᠲᠠᠭᠠᠨ ᠬᠠᠭᠠᠨ  ᠢ ᠬᠠᠮᠠᠭᠠᠯᠠᠬᠤ ᠡᠭᠦᠷᠭᠡ ᠲᠠᠢ ᠃ ᠲᠠᠢᠨ ᠪᠠᠢᠯᠳᠤᠭᠠᠨ  ᠤ ᠦᠶᠡᠰ  ᠲᠦ ᠬᠠᠭᠠᠨ  ᠢ ᠲᠠᠭᠠᠵᠤ ᠲᠠᠢᠨ ᠳᠤ ᠮᠣᠷᠳᠠᠨ᠎ᠠ ᠃
⒗ ᠴᠢᠩᠭᠢᠰ ᠬᠠᠭᠠᠨ  ᠤ ᠲᠣᠭᠲᠠᠭᠠᠭᠰᠠᠨ ᠬᠠᠤᠯᠢ ᠴᠠᠭᠠᠵᠠ  ᠶᠢ ( ) ᠭᠡᠵᠦ ᠬᠡᠯᠡᠨ᠎ᠡ ᠃ ᠴᠢᠩᠭᠢᠰ ᠬᠠᠭᠠᠨ ᠬᠥᠪᠡᠭᠦᠨ ( ) ᠪᠠᠷ ᠤᠯᠤᠰ  ᠤᠨ ᠵᠠᠰᠠᠭ  ᠢ ᠬᠢᠨᠠᠨ ᠪᠠᠢᠴᠠᠭᠠᠯᠭᠠᠵᠤ ᠂ ( )  ᠪᠡᠷ  ᠶᠡᠬᠡ ᠵᠠᠷᠭᠤᠴᠢ ᠨᠣᠶᠠᠨ ᠢᠶᠡᠷ ᠪᠤᠯᠭᠠᠪᠠ  ᠃
⒘ ᠰᠣᠶᠤᠷᠬᠠᠯ ᠭᠡᠳᠡᠭ ᠨᠢ ᠣᠨᠴᠠ ᠭᠠᠪᠢᠶᠠᠲᠠᠳ ᠲᠥ 《 ᠲᠠᠷᠬᠠᠨ 》᠎ ᠴᠣᠯᠠ ᠪᠤᠶᠤ ( ) ᠣᠨᠴᠠ ᠡᠷᠬᠡ ᠱᠡᠩᠨᠠᠭᠰᠠᠨ  ᠢ ᠬᠡᠯᠡᠨ᠎ᠡ ᠃
⒙ ( ) ᠱᠠᠰᠢᠨ ᠪᠣᠯ ᠮᠣᠩᠭᠤᠯ  ᠤᠨ ᠲᠥᠷᠦ ᠵᠢᠨ ᠱᠠᠰᠢᠨ ᠃ ( ) ᠡᠪᠦᠭᠡᠨ ᠱᠠᠰᠢᠨ ᠰᠤᠷᠲᠠᠬᠤᠨ  ᠢ ᠬᠠᠮᠢᠶᠠᠷᠴᠤ ᠂ ( ) ᠦᠰᠦᠭ  ᠪᠦᠬᠦ ᠮᠣᠩᠭᠤᠯ ᠳᠤ ᠨᠢᠬᠡᠳᠤᠯᠳᠠᠢ ᠬᠡᠷᠡᠭᠯᠡᠬᠦ ᠦᠰᠦᠭ ᠪᠢᠴᠢᠭ᠌ ᠪᠣᠯᠪᠠ ᠃
⒚ ᠴᠢᠩᠭᠢᠰ ᠬᠠᠭᠠᠨ ᠪᠦᠬᠦ ᠤᠯᠤᠰ  ᠲᠦ ᠭᠠᠵᠠᠷ ᠣᠷᠤᠨ ᠢᠶᠡᠷ ᠨᠢ ᠨᠢᠭᠡᠴᠢ ᠪᠣᠯᠭᠠᠨ ( ) ᠵᠣᠬᠢᠶᠠᠨ ᠪᠠᠢᠭᠤᠯᠤᠯᠲᠠ  ᠶᠢ ᠪᠠᠢᠭᠤᠯᠵᠤ ᠂ ᠨᠢᠬᠡᠳᠤᠯ ᠲᠠᠢ ( ) ᠲᠣᠭᠲᠠᠭᠠᠨ ᠂ ᠨᠢᠬᠡᠳᠤᠯ ᠲᠠᠢ ( ) ᠬᠡᠷᠡᠭᠯᠡᠭᠰᠡᠨ  ᠡᠴᠡ ᠠᠳᠠᠯᠢ ᠪᠤᠰᠤ ᠠᠢᠮᠠᠭ  ᠤᠨ ᠬᠥᠮᠦᠰ  ᠢ ᠬᠠᠮᠲᠤᠳᠭᠠᠨ ᠨᠢᠬᠡᠳᠬᠡᠵᠠᠢ ᠃ ᠡᠢᠨᠬᠦ ᠲᠡᠳᠡ ᠠᠭᠠᠵᠢᠮ ᠢᠶᠡᠷ ᠬᠠᠮᠲᠤᠯᠢᠭ ( ) ᠲᠠᠢ ᠂ ᠬᠠᠮᠲᠤᠯᠢᠭ ( ) ᠲᠠᠢ ᠂ ᠬᠠᠮᠲᠤᠯᠢᠭ ( ) ᠪᠠ ᠦᠨᠳᠦᠰᠦᠲᠡᠨ  ᠤ ᠬᠠᠢᠷ᠎ᠠ ᠰᠡᠳᠭᠢᠯᠭᠡ ᠲᠠᠢ ( ) ᠦᠨᠳᠦᠰᠦᠲᠡᠨ ᠪᠣᠯᠵᠤ ᠪᠦᠷᠢᠯᠳᠤᠪᠡ ᠃
⒛ ( ) ᠤᠨ ᠳᠤ ᠂ ᠴᠢᠩᠭᠢᠰ ᠬᠠᠭᠠᠨ ᠲᠠᠩᠭᠤᠳ  ᠤᠨ ᠠᠶᠠᠨ ᠳᠤ ᠨᠠᠰᠤ ᠪᠠᠷᠠᠵᠤ ᠂ ᠳᠠᠷᠠᠭ᠎ᠠ ᠵᠢᠯ ᠳᠤᠨᠢ ᠲᠡᠭᠦᠨ  ᠤ ᠭᠤᠷᠪᠠᠳᠤᠭᠠᠷ ᠬᠥᠪᠡᠭᠦᠨ ( ) ᠬᠠᠭᠠᠨ ᠰᠠᠭᠤᠷᠢᠨ ᠵᠠᠯᠭᠠᠮᠵᠢᠯᠠᠵᠠᠢ ᠃ 21, ᠬᠢᠳᠠᠨ ᠬᠥᠮᠦᠨ ( ) ᠴᠢᠩᠰᠠᠩ ᠢᠶᠡᠷ ᠲᠤᠮᠢᠯᠠᠭᠳᠠᠵᠤ  ᠂ ᠬᠡᠷᠡᠢᠳ ᠬᠥᠮᠦᠨ ( )  ᠪᠠᠷᠠᠭᠤᠨ ᠭᠠᠷᠤᠨ ᠴᠢᠩᠰᠠᠩ ᠪᠣᠯᠪᠠ ᠃
22᠎ , ᠦᠬᠡᠳᠠᠢ ᠬᠠᠭᠠᠨ ᠪᠠᠰᠠ ᠨᠠᠭᠠᠰᠢ ᠴᠠᠭᠠᠰᠢ ᠡᠯᠴᠢᠨ ᠶᠠᠪᠤᠬᠤ ᠳᠤ ᠳᠥᠭᠦᠮ ᠪᠣᠯᠭᠠᠬᠤ ᠵᠢᠨ ᠲᠥᠯᠦᠭᠡ ( ) ᠪᠠᠢᠭᠤᠯᠪᠠ ᠃ ᠴᠦᠯ ᠭᠠᠵᠠᠷ  ᠢ ᠪᠠᠢᠴᠠᠭᠠᠨ ( ) ᠮᠠᠯᠲᠠᠵᠤ ᠂1235   ᠤᠨ  ᠳᠤ ᠶᠡᠬᠡ ᠮᠣᠩᠭᠤᠯ ᠤᠯᠤᠰ  ᠤᠨ ᠨᠡᠢᠰᠯᠡᠯ (    ) ᠬᠤᠳᠠ ᠶᠢ  ᠪᠠᠢᠭᠤᠯᠪᠠ ᠃
23᠎ , ᠦᠬᠡᠳᠠᠢ ᠬᠠᠭᠠᠨ ᠨᠠᠰᠤ ᠨᠥᠭᠴᠢᠭᠰᠡᠨ  ᠤ ᠳᠠᠷᠠᠭ᠎ᠠ ᠲᠡᠭᠦᠨ  ᠤ ᠬᠠᠲᠤᠨ ( ) ᠦᠬᠡᠳᠠᠢ ᠵᠢᠨ ᠬᠡᠷᠢᠶᠠᠰ  ᠢ ᠭᠦᠵᠢᠷᠯᠡᠨ ᠲᠠᠪᠤᠨ ᠵᠢᠯ ᠵᠠᠰᠠᠭ ᠮᠡᠳᠡᠵᠦ ᠲᠥᠷᠦ ᠵᠠᠰᠠᠭ  ᠢ ᠰᠠᠮᠠᠭᠤᠷᠠᠭᠤᠯᠪᠠ ᠃
24᠎ , 1246᠎ ᠪᠠ 1251    ᠤᠨ   ᠳᠤ ᠦᠬᠡᠳᠠᠢ ᠬᠠᠭᠠᠨ  ᠤ ᠬᠦᠦ ( ) ᠪᠠ ᠲᠤᠯᠤᠢ ᠵᠢᠨ ᠬᠥᠪᠡᠭᠦᠨ ( ) ᠲᠤᠰ ᠲᠤᠰ ᠬᠠᠭᠠᠨ ᠰᠠᠭᠤᠷᠢᠨ  ᠢ ᠵᠠᠯᠭᠠᠮᠵᠢᠯᠠᠭᠰᠠᠨ ᠪᠠᠢᠨ᠎ᠠ ᠃
25᠎ , 1207    ᠤᠨ   ᠳᠤ  ᠴᠢᠩᠭᠢᠰ ᠬᠠᠭᠠᠨ  ᠤ ᠶᠡᠬᠡ ᠬᠦᠦ ( ) ᠪᠠᠷᠠᠭᠤᠨ ᠭᠠᠷᠤᠨ ᠴᠡᠷᠢᠭ  ᠢ ᠳᠠᠢᠴᠢᠯᠠᠨ ᠰᠢᠪᠧᠷᠢᠶ᠎ᠠ  ᠡᠴᠡ ᠡᠮᠦᠨᠡᠬᠢ ( )   ᠪᠦᠷ ᠡᠵᠡᠯᠡᠪᠡ ᠃ ᠴᠢᠩᠭᠢᠰ ᠬᠠᠭᠠᠨ ᠪᠠᠰᠠ ᠳᠥᠷᠪᠡ ᠤᠳᠠᠭᠠᠨ  ᠤ ᠲᠠᠢᠨ ᠢᠶᠡᠷ ᠳᠠᠮᠵᠢᠭᠤᠯᠵᠤ ᠪᠠᠢᠭᠠᠯ ᠳᠠᠯᠠᠢ ᠵᠢᠨ ᠵᠡᠭᠦᠨ ᠬᠠᠪᠢ ᠪᠠᠷ ᠨᠤᠲᠤᠭᠯᠠᠵᠤ ᠪᠠᠢᠭᠰᠠᠨ (   ᠂    )  ᠶᠢ  ᠡᠵᠡᠯᠡᠨ ᠠᠪᠤᠪᠠ ᠃
26, ᠤᠢ ᠵᠢᠨ ᠢᠷᠭᠡᠳ ᠲᠠᠢ ᠬᠦᠷᠰᠢᠯᠠᠵᠤ ᠪᠠᠢᠭᠰᠠᠨ ( ) ᠪᠠ ᠢᠯᠢ ᠭᠣᠣᠯ  ᠤᠨ ᠰᠠᠪᠠ ᠳᠤ ᠪᠠᠢᠭᠰᠠᠨ ( )1209᠎ ᠪᠠ 1211ᠤᠨ  ᠳᠤ ᠬᠠᠷ᠎ᠠ ᠬᠢᠳᠠᠨ  ᠤ ᠵᠠᠬᠢᠷᠤᠯ  ᠡᠴᠡ ᠰᠠᠯᠵᠤ ᠴᠢᠩᠭᠢᠰ ᠬᠠᠭᠠᠨ ᠳᠤ ᠲᠠᠭᠠᠪᠠ ᠃
27, ᠴᠢᠩᠭᠢᠰ ᠬᠠᠭᠠᠨ ᠶᠡᠬᠡ ᠮᠣᠩᠭᠤᠯ ᠤᠯᠤᠰ  ᠢ ᠪᠠᠢᠭᠤᠯᠬᠤ ᠵᠢᠨ ᠲᠦᠷᠦᠭᠦᠦ ᠵᠢᠯ ᠪᠠ ᠳᠠᠷᠠᠭ᠎ᠠ ᠵᠢᠯ ᠨᠢ ᠲᠤᠰ ᠲᠤᠰ ᠲᠠᠩᠭᠤᠳ ᠳᠤ ᠮᠣᠷᠢᠯᠠᠵᠤ ᠥᠩᠭᠡᠷᠡᠭᠰᠡᠨ ᠪᠥᠭᠡᠳ ( ) ᠤᠨ ᠳᠤ ᠭᠤᠷᠪᠠᠳᠤᠬᠢ ᠤᠳᠠᠭ᠎ᠠ ᠮᠣᠷᠢᠯᠠᠪᠠ ᠃ ᠲᠠᠩᠭᠤᠳ  ᠤᠨ ( ) ᠠᠯᠳᠠᠨ ᠤᠯᠤᠰ ᠡᠴᠡ ᠲᠤᠰᠠᠯᠠᠮᠵᠢ ᠭᠤᠶᠤᠭᠠᠳ ᠣᠯᠤᠭᠰᠠᠨ ᠦᠭᠡᠢ ᠳᠠᠷᠠᠭ᠎ᠠ ᠵᠢᠯ ᠲᠤᠨᠢ ᠴᠢᠩᠭᠢᠰ ᠬᠠᠭᠠᠨ ᠳᠤ ᠪᠠᠭᠤᠵᠤ ᠥᠭᠪᠡ ᠃ 28, 1212᠎ ᠂ 10᠎ ᠰᠠᠷ᠎ᠠ ᠳᠤ ᠮᠣᠩᠭᠤᠯ  ᠤᠨ ᠴᠡᠷᠢᠭ ᠠᠯᠳᠠᠨ ᠤᠯᠤᠰ  ᠤᠨ ( )  ᠶᠢ  ᠰᠠᠬᠢᠵᠤ ᠪᠠᠢᠭᠰᠠᠨ ᠭᠤᠴᠢᠨ ᠲᠦᠮᠡᠨ ᠴᠡᠷᠢᠭ  ᠢ ᠰᠦᠨᠦᠬᠡᠬᠡᠳ ᠰᠢᠭᠤᠳ ( ) ᠤᠷᠤᠭᠤ ᠣᠷᠤᠪᠠ ᠃ ᠠᠯᠳᠠᠨ ᠤᠯᠤᠰ ᠨᠡᠢᠰᠯᠡᠯ ᠢᠶᠡᠨ ᠨᠠᠨᠵᠢᠩ  ᠲᠦ ᠨᠡᠬᠦᠯᠬᠡᠭᠰᠡᠨ ᠪᠣᠯᠪᠠᠴᠤ1233ᠤᠨ  ᠳᠤ ( ) ᠵᠠᠩᠵᠤᠨ ᠳᠤ ᠡᠵᠡᠯᠡᠭᠳᠡᠪᠡ ᠃ ᠳᠠᠷᠠᠭ᠎ᠠ ᠵᠢᠯ ᠨᠢ ᠮᠣᠩᠭᠤᠯ ᠴᠡᠷᠢᠭ  ᠤᠨ ᠵᠠᠩᠵᠤᠨ ( ) ᠪᠤᠯᠤᠨ ᠡᠮᠦᠨᠡᠳᠦ ᠰᠦᠩ ᠤᠯᠤᠰ  ᠤᠨ ᠵᠠᠩᠵᠤᠨ ( ) ᠠᠯᠳᠠᠨ ᠤᠯᠤᠰ  ᠤᠨ ᠠᠢᠽᠦᠢᠩ ᠬᠠᠭᠠᠨ  ᠤ ᠳᠤᠲᠠᠭᠠᠵᠤ ᠣᠴᠢᠭᠰᠠᠨ ᠰᠠᠢᠵᠧᠦ  ᠶᠢ ᠡᠵᠡᠯᠡᠬᠡᠳ ᠠᠯᠳᠠᠨ ᠤᠯᠤᠰ  ᠢ ᠮᠦᠬᠦᠬᠡᠵᠠᠢ ᠃
29᠎ , ᠡᠮᠦᠨᠡᠳᠦ ᠰᠦᠩ ᠤᠯᠤᠰ ᠂ ᠮᠣᠩᠭᠤᠯ  ᠤᠨ ᠲᠣᠮᠢᠯᠠᠭᠰᠠᠨ ᠡᠯᠴᠢᠨ ( ) ᠬᠡᠳᠡᠭ ᠬᠦᠮᠤᠨ ᠢ ᠠᠯᠠᠭᠰᠠᠨ  ᠡᠴᠡ ᠦᠬᠡᠳᠠᠢ ᠲᠤᠯᠤᠢ1231ᠤᠨ ᠤ 11᠎ ᠰᠠᠷ᠎ᠠ ᠳᠤ ᠡᠮᠦᠨᠡᠳᠦ ᠰᠦᠩ ᠤᠯᠤᠰ  ᠢ ᠴᠡᠷᠢᠭᠯᠡᠵᠦ ᠥᠩᠭᠡᠷᠡᠪᠡ ᠃1252  ᠤᠨ  ᠳᠤ ᠮᠥᠩᠬᠡ ᠬᠠᠭᠠᠨ  ᠤ ᠳᠡᠭᠦᠦ ( ) ᠲᠤᠯᠤᠭᠠᠨ ᠲᠦᠮᠡᠨ ᠴᠡᠷᠢᠭ ᠳᠠᠢᠴᠢᠯᠠᠵᠤ ᠲᠠᠩᠭᠤᠳ  ᠡᠴᠡ ᠵᠠᠮ ᠠᠪᠴᠤ ᠶᠦᠨᠨᠠᠨ ᠳᠤ ᠳᠣᠪᠲᠤᠯᠤᠨ ᠣᠷᠤᠭᠠᠳ ( ) ᠪᠠ ( ) ᠢ ᠳᠠᠭᠠᠭᠤᠯᠤᠨ ᠠᠪᠴᠠᠢ ᠃ ᠰᠦᠪᠡᠬᠡᠳᠠᠢ ᠵᠢᠨ ᠬᠦᠦ ( ) ᠵᠠᠩᠵᠤᠨ1257ᠤᠨ  ᠳᠤ ( ) ᠮᠣᠩᠭᠤᠯ  ᠤᠨ ᠬᠠᠷᠢᠶᠠᠲᠤ ᠪᠣᠯᠭᠠᠵᠤ ᠠᠪᠤᠪᠠ ᠃
30, ᠶᠡᠬᠡ ᠮᠣᠩᠭᠤᠯ ᠤᠯᠤᠰ  ᠤᠨ ᠬᠠᠭᠠᠳ ᠥᠷᠦᠨ᠎ᠡ ᠵᠦᠭ  ᠲᠦ ᠭᠤᠷᠪᠠ ᠤᠳᠠᠭᠠᠨ  ᠤ ᠠᠶᠠᠨ ᠲᠠᠢᠨ ᠬᠢᠪᠡ ᠃ ᠠᠩᠬᠠᠳᠤᠭᠠᠷ ᠤᠳᠠᠭ᠎ᠠ ᠨᠢ ( ) ᠦᠶ᠎ᠡ ᠳᠤ ᠶᠠᠪᠤᠭᠳᠠᠪᠠ ᠃ ᠰᠠᠷᠲᠠᠭᠤᠯ  ᠤᠨ ᠬᠠᠭᠠᠨ ( ) ᠲᠡᠮᠡᠴᠡᠭᠰᠡᠨ ᠦᠭᠡᠢ ᠪᠠᠷ ᠳᠣᠲᠤᠭᠠᠳᠤ ᠲᠠᠩᠭᠢᠰ  ᠲᠦ ᠨᠠᠰᠤ ᠪᠠᠷᠠᠪᠠ ᠃ ᠲᠡᠭᠦᠨ  ᠤ ᠬᠦᠦ ( ) ᠮᠣᠩᠭᠤᠯ ᠴᠡᠷᠢᠭ ᠲᠠᠢ ᠡᠷᠡᠰ ᠲᠡᠮᠡᠴᠡᠵᠦ ᠥᠩᠭᠡᠷᠡᠪᠡ ᠃ ᠬᠣᠶᠠᠳᠤᠭᠠᠷ ᠤᠳᠠᠭ᠎ᠠ ᠨᠢ ( ) ᠬᠠᠭᠠᠨ  ᠤ ᠦᠶ᠎ᠡ ᠳᠤ ᠶᠠᠪᠤᠭᠳᠠᠪᠠ ᠃ ᠨᠠᠨ ᠤᠳᠠᠭᠠᠨ  ᠤ ᠲᠠᠢᠨ ᠳᠤ ᠬᠠᠭᠠᠨ ᠪᠠ ᠨᠣᠶᠠᠳ  ᠤᠨ ᠠᠬᠠᠮᠠᠳ ᠬᠥᠪᠡᠭᠦᠳ ᠣᠷᠤᠯᠴᠠᠭᠰᠠᠨ ᠲᠤᠯᠠ ᠨᠠᠨ ᠤᠳᠠᠭᠠᠨ  ᠤ ᠠᠶᠠᠨ ᠲᠠᠢᠨ  ᠢ ( ) ᠭᠡᠵᠦ ᠬᠡᠯᠡᠳᠡᠭ ᠃ ᠭᠤᠷᠪᠠᠳᠤᠭᠠᠷ ᠤᠳᠠᠭ᠎ᠠ ᠨᠢ ( ) ᠬᠠᠭᠠᠨ  ᠤ ᠦᠶ᠎ᠡ ᠳᠤ ᠶᠠᠪᠤᠭᠳᠠᠵᠠᠢ ᠃ ᠲᠤᠰ ᠠᠶᠠᠨ ᠲᠠᠢᠨ  ᠢ ( ) ᠲᠡᠢᠴᠢᠯᠡᠪᠡ ᠃
31, ᠭᠤᠷᠪᠠᠳᠤᠭᠠᠷ ᠤᠳᠠᠭᠠᠨ  ᠤ ᠠᠶᠠᠨ ᠲᠠᠢᠨ ᠳᠤ ᠦᠯᠡᠬᠦ ᠢᠨᠦ ( )  ᠶᠢ ᠤᠰᠠᠳᠭᠠᠭᠰᠠᠨ  ᠤ ᠳᠠᠷᠠᠭ᠎ᠠ ᠠᠷᠠᠪ  ᠢ ᠴᠡᠷᠢᠭᠯᠡᠨ1258ᠤᠨ ᠳᠤ  ᠲᠤᠰ ᠤᠯᠤᠰ  ᠤᠨ ᠨᠡᠢᠰᠯᠡᠯ ( ) ᠶᠢ  ᠡᠵᠡᠯᠡᠨ ᠠᠪᠤᠭᠰᠠᠨ ᠳᠤ ᠠᠷᠠᠪ  ᠤᠨ ᠬᠠᠯᠢᠪ ᠮᠣᠩᠭᠤᠯ ᠳᠤ ᠪᠠᠭᠤᠵᠤ ᠥᠭᠴᠡᠢ ᠃
32, ᠠᠷᠪᠠᠨ ᠭᠤᠷᠪᠠᠳᠤᠭᠠᠷ ᠵᠠᠭᠤᠨ  ᠤ ᠲᠦᠴᠢᠬᠡᠳ   ᠤᠨ  ᠡᠴᠡ ᠡᠬᠢᠯᠡᠨ ᠴᠢᠩᠭᠢᠰ ᠬᠠᠭᠠᠨ  ᠤ ᠦᠷ᠎ᠡ ᠠᠴᠢ ᠨᠠᠷ ᠨᠢ ᠲᠤᠰ ᠲᠤᠰ  ᠤᠨ ᠡᠵᠡᠯᠡᠨ ᠰᠠᠭᠤᠭᠰᠠᠨ ᠣᠷᠤᠨ ᠳᠠᠭᠠᠨ ᠲᠥᠷᠦ ᠪᠠᠢᠭᠤᠯᠤᠨ ᠂ ᠲᠠᠪᠢᠭᠠᠳ   ᠤᠨ  ᠤ   ᠰᠡᠭᠦᠯᠴᠢ ᠪᠣᠯᠤᠭᠠᠳ ᠮᠣᠩᠭᠤᠯ  ᠤᠨ ᠶᠡᠬᠡ ᠬᠠᠭᠠᠨ  ᠡᠴᠡ ᠲᠤᠰᠠᠭᠠᠷᠯᠠᠭᠰᠠᠨ ( ) ᠂ ( ) ᠂ ( ) ᠂ ( ) ᠭᠡᠬᠦ ᠳᠥᠷᠪᠡᠨ ᠶᠡᠬᠡ ᠬᠠᠭᠠᠨᠲᠤ ᠤᠯᠤᠰ ᠲᠣᠭᠲᠠᠨᠢᠪᠠ ᠃
33, ᠨᠠᠢ᠍ᠮᠠᠨ ᠠᠢᠮᠠᠭ  ᠢ ᠡᠵᠡᠯᠡᠬᠦ ᠦᠶ᠎ᠡ ᠳᠤ ᠨᠠᠢ᠍ᠮᠠᠨ  ᠤ ᠲᠠᠮᠠᠭ᠎ᠠ ᠵᠢᠨ ᠲᠦᠰᠢᠮᠡᠯ ( )  ᠶᠢ ᠣᠯᠵᠠᠯᠠᠵᠤ ᠂ ᠲᠡᠭᠦᠨ ᠢᠶᠡᠷ ᠤᠢᠭᠤᠷᠵᠢᠨ ᠮᠣᠩᠭᠤᠯ ᠦᠰᠦᠭ ᠵᠤᠬᠢᠶᠠᠯᠭᠠᠵᠤ ᠂ ᠠᠯᠪᠠᠨ  ᠤ ᠦᠰᠦᠭ ᠪᠢᠴᠢᠭ᠌ ᠪᠣᠯᠭᠠᠵᠠᠢ ᠃
34᠂ 《  ᠮᠣᠩᠭᠤᠯ ᠦᠨ ᠨᠢᠭᠤᠴᠠ ᠲᠤᠪᠴᠢᠶᠠᠨ》( ) ᠤᠨ ᠳᠤ ᠤᠢᠭᠤᠷᠵᠢᠨ ᠮᠣᠩᠭᠤᠯ ᠦᠰᠦᠭ ᠢᠶᠡᠷ ᠪᠢᠴᠢᠭᠳᠡᠵᠤ ᠂ ᠤᠭ ᠡᠬᠡ ᠨᠢ ᠨᠢᠭᠡᠨᠲᠡ ᠬᠡᠬᠡᠭᠳᠡᠵᠡᠢ ᠃ ᠲᠤᠰ ᠵᠣᠬᠢᠶᠠᠯ ᠳᠤ ᠴᠢᠩᠭᠢᠰ ᠬᠠᠭᠠᠨ  ᠤ ᠳᠡᠭᠡᠳᠦᠰ ( )  ᠡᠴᠡ ᠠᠪᠤᠭᠠᠳ1240  ᠤᠨ   ᠬᠦᠷᠲᠡᠯᠡᠬᠢ ᠲᠡᠦᠬᠡ  ᠶᠢ ᠪᠢᠴᠢᠭᠰᠡᠨ ᠪᠠᠢᠨ᠎ᠠ ᠃
35, ᠶᠡᠬᠡ ᠮᠣᠩᠭᠤᠯ ᠬᠠᠭᠠᠨᠲᠤ ᠤᠯᠤᠰ  ᠤᠨ ᠦᠶ᠎ᠡ ᠳᠤ ᠮᠣᠩᠭᠤᠯᠴᠤᠳ ᠨᠢᠭᠡᠨᠲᠡ ( ) ᠪᠠᠷ ᠢᠶᠡᠷ ᠨᠣᠮ ᠬᠡᠪᠯᠡᠵᠤ ᠪᠠᠢᠵᠠᠢ ᠃ ( ) ᠬᠤᠳᠠ ᠵᠢᠨ ᠪᠠᠭᠤᠷᠠᠢ  ᠡᠴᠡ ᠡᠢᠮᠦᠷᠬᠦ ᠪᠠᠷ ᠣᠯᠳᠠᠪᠠ ᠃ 36, ᠲᠡᠷᠡ ᠦᠶ᠎ᠡ ᠳᠤ ᠪᠠᠰᠠ ( )  ᠶᠢ ᠠᠰᠢᠭᠯᠠᠨ ᠡᠪᠡᠳᠴᠢᠨ ᠵᠠᠰᠠᠬᠤ ᠮᠡᠷᠭᠡᠵᠢᠯ  ᠢ ᠡᠵᠡᠮᠰᠢᠪᠡ ᠃ ᠢᠯᠠᠩᠭᠤᠶ᠎ᠠ ᠰᠢᠷᠬ᠎ᠠ  ᠶᠢ ᠵᠠᠰᠠᠬᠤ ᠡᠳᠡᠬᠡᠬᠦ ᠮᠡᠷᠭᠡᠵᠢᠯ ᠮᠠᠰᠢ ᠥᠨᠳᠦᠷ ᠪᠠᠢᠪᠠ ᠃ ᠠᠶᠠᠨ ᠲᠠᠢᠨ ᠳᠤ ᠮᠣᠷᠳᠠᠬᠤ ᠳᠠᠭᠠᠨ ᠲᠡᠳᠡ ( ) ᠡᠮ ᠠᠪᠴᠤ ᠶᠠᠪᠤᠳᠠᠭ ᠪᠠᠢᠪᠠ ᠃
37, ᠴᠢᠩᠭᠢᠰ ᠬᠠᠭᠠᠨ ᠪᠠ ᠲᠡᠭᠦᠨ  ᠤ ᠵᠠᠯᠭᠠᠮᠵᠢᠯᠠᠭᠴᠢᠳ ᠡᠵᠡᠯᠡᠭᠳᠡᠭᠰᠡᠨ ᠣᠷᠤᠨ  ᠤ ᠤᠯᠤᠰ ᠦᠨᠳᠦᠰᠦᠲᠡᠨ  ᠢ ᠰᠠᠢᠲᠤᠷ ᠨᠣᠶᠠᠷᠬᠠᠬᠤ ᠵᠢᠨ ᠲᠥᠯᠦᠭᠡ ᠠᠯᠢᠪᠠ ᠱᠠᠰᠢᠨ ᠳᠤ ( ) ᠲᠥᠷᠦ ᠵᠢᠨ ᠪᠣᠳᠤᠯᠭ᠎ᠠ ᠶᠠᠪᠤᠭᠤᠯᠪᠠ ᠃ ( ) ᠂ ( ) ᠂ ( ) ᠂ ( ) ᠱᠠᠰᠢᠨ ᠪᠦᠷ ᠴᠢᠯᠦᠭᠡ ᠲᠠᠢ ᠠᠵᠢᠯᠯᠠᠭ᠎ᠠ ᠬᠢᠬᠦ ᠡᠷᠬᠡ ᠲᠠᠢ ᠃
        ᠎ ᠬᠣᠶᠠᠷ ᠄ ᠬᠠᠷᠢᠭᠤᠯᠲᠠ ᠰᠣᠩᠭᠤᠬᠤ ᠰᠡᠳᠦᠪ
1, ᠭᠤᠷᠪᠠᠨ ᠭᠣᠣᠯ ᠭᠡᠳᠡᠭ ᠨᠢ : A ,ᠰᠡᠯᠡᠩᠬᠡ ᠂ ᠤᠨᠤᠨ ᠂ ᠬᠡᠷᠦᠯᠦᠨ B, ᠲᠤᠤᠯᠠ ᠂ ᠡᠷᠴᠢᠰ ᠂ ᠰᠡᠯᠠᠩᠬᠡ C, ᠢᠵᠢᠯ ᠮᠥᠷᠡᠨ ᠂ ᠰᠡᠯᠡᠩᠬᠡ ᠂ ᠣᠷᠬᠤᠨ D, ᠤᠨᠤᠨ ᠂ ᠬᠡᠷᠦᠯᠦᠨ ᠂ ᠲᠤᠤᠯᠠ
2, ᠨᠢᠷᠤᠭᠤᠨ ᠮᠣᠩᠭᠤᠯ ᠭᠡᠳᠡᠭ ᠨᠢ ᠄ A, ᠬᠢᠶᠠᠨ ᠂ ᠨᠡᠬᠦᠰ ᠬᠣᠶᠠᠷ ᠣᠪᠤᠭ B, ᠭᠤᠷᠪᠠᠨ ᠭᠣᠣᠯ  ᠤᠨ ᠮᠣᠩᠭᠤᠯᠴᠤᠳ C, ᠬᠢᠩᠭᠠᠨ ᠳᠠᠪᠠᠭ᠎ᠠ  ᠶᠢ ᠲᠠᠷᠯᠠᠨ ᠣᠷᠤᠰᠢᠵᠤ ᠪᠠᠢᠭᠰᠠᠨ ᠮᠣᠩᠭᠤᠯ D, ᠪᠤᠭᠤ ᠬᠠᠲᠠᠭᠢ ᠂ ᠪᠤᠬᠠᠳᠤ ᠰᠠᠯᠵᠢ ᠂ ᠪᠤᠲᠠᠨᠴᠢᠷ ᠮᠤᠩᠬᠠᠭ  ᠡᠴᠡ ᠡᠬᠦᠰᠦᠨ ᠭᠠᠷᠤᠭᠰᠠᠨ ᠮᠣᠩᠭᠤᠯᠴᠤᠳ
3, ᠮᠤᠩᠭᠤᠯᠵᠢᠭᠰᠠᠨ ᠲᠢᠶᠦᠷᠺ ᠠᠢᠮᠠᠭ ᠪᠣᠯ ᠄ A, ᠨᠠᠢ᠍ᠮᠠᠨ ᠂ ᠬᠡᠷᠡᠢᠳ ᠂ ᠣᠩᠭᠤᠳ B, ᠲᠠᠲ᠋ᠠᠷ ᠂ ᠮᠡᠷᠬᠢᠳ ᠂ ᠣᠩᠭᠤᠳ C, ᠤᠢ ᠵᠢᠨ ᠢᠷᠭᠡᠳ ᠂ ᠵᠠᠯᠠᠢᠷ ᠂ ᠲᠠᠲ᠋ᠠᠷ D, ᠵᠠᠯᠠᠢᠷ ᠂ ᠮᠡᠷᠬᠢᠳ ᠂ ᠲᠠᠲ᠋ᠠᠷ
4, ᠲᠤᠬᠠᠢ ᠵᠢᠨ ᠦᠶ᠎ᠡ ᠳᠤ ᠲᠠᠯ᠎ᠠ ᠵᠢᠨ ᠨᠡᠭᠦᠳᠡᠯᠴᠢᠳ ᠳᠤ ᠪᠠᠭᠳᠠᠭᠳᠠᠬᠤ ᠨᠢ ᠄ A, ᠪᠠᠷᠭᠤᠳ B, ᠤᠷᠢᠶᠠᠩᠬᠠᠢ C, ᠣᠢᠷᠠᠳ D, ᠮᠡᠷᠬᠢᠳ
5, ᠮᠣᠩᠭᠤᠯ ᠠᠢᠮᠠᠭ ᠪᠠᠷᠠᠭᠤᠨᠰᠢ ᠨᠡᠭᠦᠳᠡᠯᠯᠡᠨ ᠣᠷᠤᠭᠰᠠᠨ ᠠᠷᠪᠠᠨ ᠨᠢᠭᠡᠳᠦᠭᠡᠷ ᠵᠠᠭᠤᠨ ᠪᠣᠯᠲᠠᠯ᠎ᠠ ᠮᠥᠨ ᠄ A, ᠪᠣᠭᠤᠯᠲᠤ ᠨᠡᠢᠭᠡᠮ ᠳᠤ ᠣᠷᠤᠰᠢᠭᠰᠠᠭᠠᠷ B, ᠡᠴᠢᠬᠡᠴᠢᠯᠡᠯ  ᠤᠨ ᠣᠪᠤᠭ ᠲᠥᠷᠦᠯ  ᠤᠨ ᠨᠡᠢᠭᠡᠮ ᠳᠤ ᠣᠷᠤᠰᠢᠭᠰᠠᠭᠠᠷ C, ᠹᠧᠣᠳᠠᠯ  ᠤᠨ ᠨᠡᠢᠭᠡᠮ ᠳᠤ ᠣᠷᠤᠰᠢᠭᠰᠠᠭᠠᠷ D, ᠡᠬᠡᠴᠢᠯᠡᠯ  ᠤᠨ ᠨᠡᠢᠭᠡᠮ ᠳᠤ ᠣᠷᠤᠰᠢᠭᠰᠠᠭᠠᠷ
6, ᠪᠤᠳᠤᠨᠴᠢᠷ ᠣᠪᠤᠭᠲᠠᠨ ᠨᠢ ᠄ A, ᠪᠤᠳᠤᠨᠴᠢᠷ ᠮᠤᠩᠬᠠᠭ  ᠡᠴᠡ ᠢᠷᠡᠯᠲᠡᠢ B, ᠪᠤᠭᠤ ᠬᠠᠲᠠᠭᠢ  ᠡᠴᠡ ᠢᠷᠡᠯᠲᠡᠢ C, ᠪᠤᠬᠠᠳᠤ ᠰᠠᠯᠵᠢ  ᠡᠴᠡ ᠢᠷᠡᠯᠲᠡᠢ D, ᠪᠦᠬᠦᠨᠤᠳᠠᠢ  ᠡᠴᠡ ᠢᠷᠡᠯᠲᠡᠢ
7, ᠮᠣᠩᠭᠤᠯ ᠳᠤ ᠬᠤᠪᠢ ᠵᠢᠨ ᠦᠮᠴᠢᠯᠠᠯ ᠪᠤᠢ ᠪᠣᠯᠤᠭᠰᠠᠨ  ᠡᠴᠡ ᠬᠠᠭᠠᠨ ᠨᠣᠶᠠᠳ ᠪᠤᠢ ᠪᠣᠯᠪᠠ ᠃ ᠨᠣᠶᠠᠳ ᠢᠶᠡᠨ ᠡᠷᠬᠦᠮᠵᠢᠯᠠᠨ ᠳᠠᠭᠤᠳᠠᠳᠠᠭ ᠳᠠᠭᠤᠳᠠᠯᠭ᠎ᠠ ᠳᠤ ᠄⑴ ᠮᠠᠩᠯᠠᠢ⑵ ᠪᠠᠭᠠᠲᠤᠷ⑶ ᠰᠡᠴᠡᠨ⑷ ᠬᠣᠰᠢᠭᠤᠴᠢ⑸ ᠮᠡᠷᠭᠡᠨ⑹ ᠪᠢᠯᠢᠭ᠌ A⑴⑶⑷⑸ B ⑵⑶⑸⑹ C ⑴⑵⑶⑷ D ⑶⑷⑸⑹
8, ᠠᠷᠪᠠᠨ ᠬᠣᠶᠠᠳᠤᠭᠠᠷ ᠵᠠᠭᠤᠨ  ᠤ ᠡᠬᠢᠨ ᠳᠤ ᠪᠠᠢᠭᠤᠯᠤᠭᠰᠠᠨ ᠬᠠᠪᠤᠯ ᠬᠠᠭᠠᠨ  ᠤ ᠢᠵᠠᠭᠤᠷ ᠮᠣᠩᠭᠤᠯ  ᠤᠨ ᠲᠥᠷᠦ ᠄ ᠬᠠᠮᠤᠭ ᠮᠣᠩᠭᠤᠯ ᠤᠯᠤᠰ ᠪᠣᠯ ᠄ A ᠠᠢᠮᠠᠭ  ᠤᠨ ᠬᠣᠯᠪᠤᠭ᠎ᠠ B ᠪᠣᠭᠤᠯᠲᠤ ᠪᠠᠢᠭᠤᠯᠤᠯᠲᠤ ᠲᠥᠷᠦ C ᠹᠧᠣᠳᠠᠯ  ᠤᠨ ᠪᠠᠢᠭᠤᠯᠤᠯᠲᠤ ᠲᠥᠷᠦ D ᠲᠣᠳᠤᠷᠬᠠᠢᠯᠠᠬᠤ ᠵᠢᠨ ᠠᠷᠭ᠎ᠠ ᠦᠭᠡᠢ
9, 《 ᠮᠣᠩᠭᠤᠯ  ᠤᠨ ᠨᠢᠭᠤᠴᠠ ᠲᠣᠪᠴᠢᠶᠠᠨ 》᠎ ᠳᠤ ᠲᠡᠮᠳᠡᠭᠯᠡᠭᠰᠡᠨ 《 ᠤᠳᠠᠳᠠᠢ ᠲᠡᠭᠷᠢ ᠣᠷᠴᠢᠵᠤ ᠂ ᠤᠯᠠᠨ ᠤᠯᠤᠰ ᠪᠠᠢᠯᠳᠤᠵᠤ ᠂ ᠣᠷᠤᠨ ᠳᠠᠭᠠᠨ ᠤᠨᠲᠠᠬᠤ ᠵᠠᠪ ᠦᠭᠡᠢ ᠂ ᠤᠯᠵᠠᠯᠳᠤᠨ ᠪᠠᠢᠯᠳᠤᠵᠤ ᠪᠠᠢᠪᠠ 》᠎ ᠭᠡᠳᠡᠭ  ᠤᠨ ᠲᠤᠰᠭᠠᠭᠰᠠᠨ ᠴᠠᠭ ᠦᠶ᠎ᠡ ᠪᠣᠯ ᠄ A ᠪᠦᠷᠳᠡ ᠴᠢᠨᠤᠸ᠎ᠠ ᠭᠤᠸ᠎ᠠ ᠮᠠᠷᠠᠯ  ᠤᠨ ᠦᠶ᠎ᠡ ᠵᠢᠨ ᠮᠣᠩᠭᠤᠯ B ᠪᠤᠳᠤᠨᠴᠢᠷ ᠮᠤᠩᠬᠠᠭ ᠵᠢᠨ ᠦᠶ᠎ᠡ ᠵᠢᠨ ᠮᠣᠩᠭᠤᠯ C 12᠎ ᠵᠠᠭᠤᠨ  ᠤ ᠦᠶ᠎ᠡ ᠵᠢᠨ ᠮᠣᠩᠭᠤᠯ D 13᠎ ᠵᠠᠭᠤᠨ  ᠤ ᠦᠶ᠎ᠡ ᠵᠢᠨ ᠮᠣᠩᠭᠤᠯ
10, ᠲᠡᠮᠦᠵᠢᠨ ᠴᠢᠩᠭᠢᠰ  ᠤᠨ ᠮᠣᠩᠭᠤᠯ ᠪᠦᠬᠦ ᠢᠰᠡᠬᠡᠢ ᠲᠤᠭᠤᠷᠭᠠᠲᠠᠨ  ᠢ ᠨᠢᠭᠡᠳᠭᠡᠭᠰᠡᠨ ᠠᠯᠬᠤᠮ ᠳᠠᠷᠠᠭ᠎ᠠ ᠪᠣᠯ ᠄ A ᠮᠡᠷᠬᠢᠳ ᠂ ᠲᠠᠲ᠋ᠠᠷ ᠂ ᠨᠠᠢ᠍ᠮᠠᠨ ᠂ ᠬᠡᠷᠡᠢᠳ ᠂ ᠣᠩᠭᠤᠳ B ᠲᠠᠲ᠋ᠠᠷ ᠂ ᠮᠡᠷᠬᠢᠳ ᠂ ᠬᠡᠷᠡᠢᠳ ᠂ ᠨᠠᠢ᠍ᠮᠠᠨ ᠂ ᠣᠩᠭᠤᠳ C ᠬᠡᠷᠡᠢᠳ ᠂ ᠨᠠᠢ᠍ᠮᠠᠨ ᠂ ᠣᠩᠭᠤᠳ ᠂ ᠲᠠᠲ᠋ᠠᠷ ᠂ ᠮᠡᠷᠬᠢᠳ D ᠨᠠᠢ᠍ᠮᠠᠨ ᠂ ᠬᠡᠷᠡᠢᠳ ᠂ ᠣᠩᠭᠤᠳ ᠂ ᠲᠠᠲ᠋ᠠᠷ ᠂ ᠮᠡᠷᠬᠢᠳ
11, ᠴᠢᠩᠭᠢᠰ ᠬᠠᠭᠠᠨ ᠬᠡᠰᠢᠭᠲᠡᠨ ᠴᠡᠷᠢᠭ ᠢᠶᠡᠨ ᠨᠢᠭᠡᠨ ᠲᠦᠮᠡᠨ ᠬᠦᠷᠳᠡᠯ᠎ᠡ ᠨᠡᠮᠡᠭᠳᠡᠬᠦᠯᠤᠨ ᠲᠥᠪ ᠲᠦᠮᠡᠨ ᠪᠣᠯᠭᠠᠪᠠ ᠃ ᠲᠡᠭᠦᠨ ᠳᠤ ᠪᠠᠭᠳᠠᠭᠳᠠᠬᠤ ᠬᠥᠮᠦᠰ ᠪᠣᠯ ᠄⑴ ᠬᠡᠪᠳᠡᠬᠦᠯ⑵ ᠬᠡᠮᠡᠷᠯᠢᠭ ᠬᠤᠪᠴᠠᠰᠤᠲᠤ ᠴᠡᠷᠢᠭ⑶ ᠬᠣᠷᠴᠢᠨ⑷ ᠲᠣᠷᠭᠠᠨ ᠴᠡᠷᠢᠭ⑸ ᠲᠣᠷᠬᠠᠭ ⑹ ᠰᠢᠳᠠᠷ ᠴᠡᠷᠢᠭ A ⑵⑶⑷ B ⑴⑶⑸ C ⑶⑷⑸ D ⑴⑵⑶⑷⑸⑹
12, ᠴᠢᠩᠭᠢᠰ ᠬᠠᠭᠠᠨ ᠤᠯᠤᠰ ᠢᠶᠡᠨ ᠬᠠᠤᠯᠢ ᠪᠠᠷ ᠵᠠᠰᠠᠬᠤ  ᠶᠢ ᠴᠢᠬᠤᠯᠠᠴᠢᠯᠠᠵᠤ ᠂ ᠬᠠᠤᠯᠢ ᠴᠠᠭᠠᠵᠠ ᠲᠣᠭᠲᠠᠭᠠᠵᠠᠢ ᠃ ᠡᠨᠡᠬᠦ ᠬᠠᠤᠯᠢ ᠴᠠᠭᠠᠵᠠ ᠨᠢ ᠄ A ᠣᠢᠷᠠᠳ ᠴᠠᠭᠠᠵᠠ B ᠴᠢᠩᠭᠢᠰ ᠬᠠᠭᠠᠨ  ᠤ ᠴᠢᠯᠠᠭᠤᠨ ᠪᠢᠴᠢᠭ᠌ C ᠴᠢᠩᠭᠢᠰ  ᠤᠨ ᠶᠡᠬᠡ ᠵᠠᠰᠠᠭ D ᠬᠠᠯᠬ᠎ᠠ ᠣᠢᠷᠠᠳ ᠴᠠᠭᠠᠵᠠ
13, ᠴᠢᠩᠭᠢᠰ  ᠤᠨ ᠶᠡᠬᠡ ᠮᠣᠩᠭᠤᠯ ᠤᠯᠤᠰ ᠤᠨ ᠵᠠᠷᠭᠤᠴᠢ ᠨᠣᠶᠠᠨ ᠪᠣᠯ ᠄ A ᠴᠠᠭᠠᠳᠠᠢ B ᠦᠬᠡᠳᠠᠢ C ᠲᠤᠯᠤᠢ D ᠰᠢᠬᠢᠬᠤᠳᠤᠬᠤ
14, ᠴᠢᠩᠭᠢᠰ ᠬᠠᠭᠠᠨ  ᠤ 《 ᠶᠢᠰᠦᠨ ᠠᠯᠳᠠᠯ ᠳᠤ ᠶᠡᠯ᠎ᠡ ᠦᠭᠡᠢ 》᠎ ᠭᠡᠵᠦ ᠣᠨᠴᠠ ᠡᠷᠬᠡ ᠱᠠᠩᠨᠠᠭᠰᠠᠨ ᠨᠢ ᠄ A ᠠᠯᠳᠠᠨ ᠤᠷᠤᠭ  ᠲᠦ B ᠲᠦᠮᠡᠨ  ᠤ ᠨᠣᠶᠠᠨ  ᠲᠦ C ᠣᠨᠴᠠ ᠭᠠᠪᠢᠶᠠᠲᠠᠳ  ᠲᠦ D ᠬᠡᠰᠢᠭᠲᠡᠨ ᠴᠡᠷᠢᠭ  ᠲᠦ
15, ᠤᠯᠠᠭ᠎ᠠ ᠥᠷᠲᠡᠭᠡ ᠪᠠᠢᠭᠤᠯᠬᠤ ᠂ ᠴᠦᠯ ᠭᠠᠵᠠᠷ ᠬᠤᠳᠳᠤᠭ ᠮᠠᠯᠲᠠᠬᠤ ᠂ ᠨᠡᠢᠰᠯᠡᠯ ᠬᠠᠷᠠᠬᠤᠷᠤᠮ  ᠢ ᠪᠠᠢᠭᠤᠯᠤᠭᠰᠠᠨ ᠨᠢ ᠄ A ᠴᠢᠩᠭᠢᠰ ᠬᠠᠭᠠᠨ  ᠤ ᠦᠶ᠎ᠡ B ᠦᠬᠡᠳᠠᠢ ᠬᠠᠭᠠᠨ  ᠤ ᠦᠶ᠎ᠡ C ᠮᠥᠩᠬᠡ ᠬᠠᠭᠠᠨ  ᠤ ᠦᠶ᠎ᠡ D ᠬᠤᠪᠢᠯᠠᠢ ᠬᠠᠭᠠᠨ  ᠤ ᠦᠶ᠎ᠡ
16, ᠦᠬᠡᠳᠠᠢ ᠬᠠᠭᠠᠨ ᠨᠠᠰᠤ ᠨᠥᠭᠴᠢᠭᠰᠡᠨ  ᠤ ᠳᠠᠷᠠᠭ᠎ᠠ ᠲᠠᠪᠤᠨ ᠵᠢᠯ ᠲᠥᠷᠦ ᠵᠢᠨ ᠡᠷᠬᠡ  ᠶᠢ ᠭᠦᠵᠢᠷᠯᠡᠨ ᠠᠳᠭᠤᠭᠰᠠᠨ ᠦᠬᠡᠳᠠᠢ ᠬᠠᠭᠠᠨ  ᠤ ᠬᠠᠲᠤᠨ ᠪᠣᠯ ᠄ A ᠰᠤᠷᠬᠠᠭᠳᠠᠨᠢ B ᠲᠦᠷᠡᠬᠡᠨ᠎ᠡ C ᠬᠠᠢᠮᠢᠱ D ᠴᠢᠮᠪᠠᠢ
17, ᠮᠥᠩᠬᠡ ᠬᠠᠭᠠᠨ  ᠤ ᠨᠣᠶᠠᠷᠬᠠᠬᠤ ᠡᠷᠬᠡ ᠪᠠᠨ ᠪᠠᠲᠤᠳᠭᠠᠬᠤ ᠵᠢᠨ ᠲᠥᠯᠦᠭᠡ ᠠᠪᠤᠭᠰᠠᠨ ᠠᠷᠭ᠎ᠠ ᠬᠡᠮᠵᠢᠶ᠎ᠡ ᠳᠤ ᠪᠠᠭᠳᠠᠭᠳᠠᠬᠤ ᠨᠢ ᠄⑴ ᠠᠯᠪᠠ  ᠶᠢ ᠬᠦᠩᠬᠡᠷᠡᠬᠦᠯᠬᠦ ⑵ ᠨᠣᠶᠠᠳ  ᠤᠨ ᠳᠠᠷᠤᠯᠠᠯ  ᠢ ᠬᠢᠵᠠᠭᠠᠷᠯᠠᠬᠤ⑶ ᠡᠰᠡᠷᠭᠦ ᠡᠲᠡᠭᠡᠳ ᠢᠶᠡᠨ ᠴᠢᠩᠭ᠎ᠠ ᠳᠠᠷᠤᠩᠭᠤᠢᠯᠠᠬᠤ⑷ ᠱᠠᠰᠢᠨ ᠪᠦᠬᠦᠨ ᠳᠤ ᠡᠷᠬᠡ ᠲᠡᠭᠰᠢ ᠬᠠᠨᠳᠤᠬᠤ A ⑴⑵⑶B⑵⑷C⑴⑵⑷D⑴⑵⑶⑷ 18,1207᠎ ᠤᠨ ᠳᠤ ᠪᠠᠷᠠᠭᠤᠨ ᠬᠣᠢᠲᠤ ᠣᠷᠤᠨ  ᠤ ᠤᠢ ᠵᠢᠨ ᠢᠷᠭᠡᠳ  ᠢ ᠳᠠᠭᠠᠭᠤᠯᠤᠨ ᠠᠪᠤᠭᠰᠠᠨ ᠬᠥᠮᠦᠨ ᠪᠣᠯ ᠄ A ᠴᠠᠭᠠᠳᠠᠢB ᠦᠬᠡᠳᠠᠢC ᠵᠦᠴᠢ D ᠬᠤᠷᠴᠢ
19, ᠮᠣᠩᠭᠤᠯ  ᠤᠨ ᠪᠠᠷᠠᠭᠤᠨᠰᠢ ᠲᠠᠢᠯᠠᠬᠤ ᠳᠤ ᠡᠰᠡᠷᠭᠦᠴᠡᠨ ᠪᠣᠰᠤᠭᠰᠠᠨ ᠮᠦᠾᠠᠮᠧᠳ᠋ ᠵᠢᠨ ᠬᠦᠦ ᠵᠠᠯᠠᠯᠳᠢᠨ  ᠤ ᠢᠯᠠᠭᠳᠠᠭᠰᠠᠨ ᠰᠢᠯᠲᠠᠭᠠᠨ ᠪᠣᠯ ᠄ A ᠮᠣᠩᠭᠤᠯ  ᠤᠨ ᠴᠡᠷᠢᠭ ᠬᠦᠴᠦᠷᠬᠡᠭ ᠰᠠᠷᠲᠠᠭᠤᠯ  ᠤᠨ ᠴᠡᠷᠢᠭ ᠪᠠᠭᠤᠷᠠᠢ B ᠲᠣᠭᠠᠨ  ᠤ ᠲᠠᠯ᠎ᠠ ᠵᠢᠨ ᠵᠥᠷᠢᠶᠡᠨ ᠶᠡᠬᠡ C ᠰᠠᠷᠲᠠᠭᠤᠯ  ᠤᠨ ᠨᠣᠶᠠᠷᠬᠠᠭᠴᠢ ᠠᠩᠭᠢ ᠵᠢᠨ ᠳᠣᠲᠤᠷ᠎ᠠ ᠪᠠᠨ ᠪᠦᠯᠬᠦᠮᠳᠡᠯ ᠦᠭᠡᠢ ᠤᠴᠢᠷ  ᠡᠴᠡ ᠦᠷᠭᠦᠯᠵᠢᠯᠡᠨ ᠲᠡᠮᠡᠴᠡᠵᠦ ᠳᠡᠢᠯᠦᠭᠰᠡᠨ ᠦᠭᠡᠢ D ᠵᠠᠯᠠᠯᠳᠢᠨ  ᠤ ᠬᠤᠪᠢ ᠬᠥᠮᠦᠨ ᠴᠡᠷᠢᠭ ᠲᠠᠢᠨ  ᠤ ᠠᠪᠢᠶᠠᠰ ᠴᠢᠳᠠᠪᠤᠷᠢ ᠦᠭᠡᠢ ᠃
20, ᠤᠷᠤᠰ1240᠎ ᠤᠨ ᠳᠤ ᠺᠢᠶᠧᠪ ᠬᠤᠳᠠ ᠪᠠᠨ ᠡᠵᠡᠯᠡᠭᠳᠡᠨ ᠮᠣᠩᠭᠤᠯ  ᠤᠨ ᠬᠠᠷᠢᠶᠠᠲᠤ ᠪᠣᠯᠪᠠ ᠃ ᠲᠡᠳᠡᠨ  ᠤ ᠢᠯᠠᠭᠳᠠᠭᠰᠠᠨ ᠰᠢᠯᠲᠠᠭᠠᠨ ᠨᠢ ᠄ A ᠮᠣᠩᠭᠤᠯ ᠴᠡᠷᠢᠭ ᠡᠷᠡᠯᠬᠡᠭ ᠪᠠᠭᠠᠲᠤᠷᠯᠢᠭ ᠤᠷᠤᠰ ᠴᠡᠷᠢᠭ ᠠᠶᠤᠮᠠᠲᠠᠭᠠᠢ B ᠲᠣᠭᠠᠨ  ᠤ ᠲᠠᠯ᠎ᠠ ᠵᠢᠨ ᠵᠥᠷᠢᠶᠡᠨ ᠮᠠᠰᠢ ᠶᠡᠬᠡ C ᠤᠷᠤᠰ  ᠤᠨ ᠴᠡᠷᠢᠭ ᠤᠳᠤᠷᠢᠳᠬᠤ ᠴᠢᠳᠠᠪᠤᠷᠢ ᠦᠭᠡᠢ D ᠤᠯᠠᠨ ᠵᠢᠵᠢᠭ᠌ ᠬᠦᠩᠳᠤ ᠤᠯᠤᠰ ᠪᠣᠯᠵᠤ ᠬᠤᠪᠢᠶᠠᠭᠳᠠᠭᠰᠠᠨ ᠣᠷᠤᠰᠴᠤᠳ ᠬᠦᠴᠦᠨ ᠢᠶᠡᠨ ᠨᠢᠬᠡᠳᠬᠡᠵᠤ ᠮᠣᠩᠭᠤᠯ  ᠢ ᠡᠰᠡᠷᠭᠦᠴᠡᠨ ᠲᠤᠯᠬᠤ ᠵᠣᠷᠢᠭ ᠦᠭᠡᠢ ᠪᠠᠢᠭᠰᠠᠨ
21, 《 ᠰᠤᠳᠤᠷ  ᠤᠨ ᠴᠤᠭᠯᠠᠭᠠᠨ 》᠎ ᠤ ᠵᠣᠬᠢᠶᠠᠭᠴᠢ ᠪᠣᠯ ᠄ A ᠰᠢᠬᠢᠬᠤᠳᠤᠬᠤ B ᠶᠧᠯᠢᠦᠢ ᠴᠦᠽᠠᠢ C ᠷᠠᠰᠢᠳᠧ ︱ ᠠᠳ᠋ ︱ ᠳ᠋ᠢᠨ D ᠲᠠᠳᠠᠳᠤᠩᠭ᠎ᠠ
22, ᠶᠡᠬᠡ ᠮᠣᠩᠭᠤᠯ ᠤᠯᠤᠰ  ᠤᠨ ᠦᠶ᠎ᠡ ᠵᠢᠨ ᠰᠢᠨᠵᠢᠯᠡᠬᠦ ᠤᠬᠠᠭᠠᠨ ᠮᠡᠳᠡᠯᠭᠡ  ᠤᠨ ᠳᠠᠪᠰᠢᠯᠲᠠ ᠳᠤ ᠪᠠᠭᠳᠠᠭᠳᠠᠬᠤ ᠨᠢ ᠄① ᠮᠣᠳᠤᠨ ᠪᠠᠷ ᠬᠡᠷᠡᠭᠯᠡᠭᠰᠡᠨ② ᠴᠢᠯᠠᠭᠤ ᠬᠠᠷᠪᠤᠬᠤ ᠭᠠᠯ ᠫᠤᠤ ③ ᠴᠢᠰᠤ ᠵᠣᠭᠰᠤᠭᠠᠨ ᠰᠢᠷᠬ᠎ᠠ ᠡᠳᠡᠬᠡᠬᠦ ᠡᠮ④ ᠴᠠᠭ ᠤᠯᠠᠷᠢᠯ  ᠤᠨ ᠲᠣᠭᠠᠯᠠᠯ⑤ ᠤᠲᠤᠨ ᠣᠷᠤᠨ  ᠤ ᠮᠡᠳᠡᠯᠭᠡ A ①②B ③④⑤C ①②③④⑤D ①③⑤
23, ᠡᠮᠦᠨᠡᠳᠦ ᠰᠦᠩ ᠤᠯᠤᠰ  ᠢ ᠠᠩᠬᠠᠳᠤᠭᠠᠷ ᠤᠳᠠᠭ᠎ᠠ ᠳᠠᠢᠯᠠᠭᠰᠠᠨ ᠰᠢᠯᠲᠠᠭᠠᠨ ᠪᠣᠯ ᠄ A ᠡᠮᠦᠨᠡᠳᠦ ᠰᠦᠩ ᠤᠯᠤᠰ ᠨᠡᠢᠰᠯᠡᠯ ᠢᠶᠡᠨ ᠺᠠᠢᠹᠧᠩ ᠳᠤ ᠨᠡᠬᠦᠯᠬᠡᠭᠰᠡᠨB ᠮᠣᠩᠭᠤᠯ  ᠤᠨ ᠲᠣᠮᠢᠯᠠᠭᠰᠠᠨ ᠡᠯᠴᠢ ᠵᠤᠪᠠᠬᠠᠨ  ᠢ ᠠᠯᠠᠭᠰᠠᠨ C ᠠᠯᠳᠠᠨ ᠤᠯᠤᠰ  ᠢ ᠴᠣᠬᠢᠬᠤ ᠳᠤ ᠴᠡᠷᠢᠭ ᠭᠠᠷᠭᠠᠭᠰᠠᠨ ᠦᠭᠡᠢ D ᠵᠢᠯ ᠪᠦᠷᠢ ᠥᠭᠳᠡᠭ ᠵᠢᠯ  ᠤᠨ ᠠᠯᠪᠠ ᠪᠠᠨ ᠮᠣᠩᠭᠤᠯ ᠳᠤ ᠲᠤᠰᠢᠶᠠᠭᠰᠠᠨ ᠦᠭᠡᠢ
         ᠭᠤᠷᠪᠠ ᠄ ᠵᠦᠪ ᠪᠤᠷᠤᠭᠤ  ᠶᠢ ᠨᠢ ᠢᠯᠭᠠᠵᠤ ᠂ ᠪᠤᠷᠤᠭᠤ ᠪᠣᠯ ᠠᠷᠤ ᠪᠠᠷ ᠨᠢ ᠵᠢᠷᠤᠵᠤ ᠵᠠᠯᠠᠷᠠᠭᠤᠯ ᠃
1, ᠮᠣᠩᠭᠤᠯ ᠤᠯᠤᠰ  ᠤᠨ ᠨᠤᠲᠤᠭ ᠳᠡᠪᠢᠰᠭᠡᠷ ᠲᠥ ᠄ ᠬᠠᠩᠭᠠᠢ ᠠᠭᠤᠯᠠ ᠵᠢᠨ ᠬᠣᠶᠠᠷ ᠨᠢᠷᠤᠭᠤ ᠂ ᠣᠷᠬᠤᠨ ᠭᠣᠣᠯ ᠂ ᠤᠨᠤᠨ ᠮᠥᠷᠡᠨ ᠂ ᠲᠤᠤᠯᠠ ᠭᠣᠣᠯ  ᠤᠨ ᠰᠠᠪᠠ ᠭᠠᠵᠠᠷ ᠪᠠ ᠪᠤᠷᠬᠠᠨ ᠬᠠᠯᠲᠤᠨ ᠠᠭᠤᠯᠠ  ᠶᠢ ᠪᠠᠭᠲᠠᠭᠠᠭᠰᠠᠨ ᠥᠷᠭᠡᠨ ᠠᠭᠤᠳᠠᠮ ᠭᠠᠵᠠᠷ ᠣᠷᠤᠨ  ᠢ ᠪᠠᠭᠲᠠᠭᠠᠵᠤ ᠪᠠᠢᠪᠠ ᠃
2, ᠲᠣᠪᠤ ᠮᠡᠷᠭᠡᠨ ᠢᠨᠦ ᠠᠯᠤᠨ ᠭᠤᠸ᠎ᠠ ᠭᠡᠳᠡᠭ ᠭᠡᠷᠭᠡᠢ ᠲᠠᠢ ᠃ ᠲᠣᠪᠤ ᠮᠡᠷᠭᠡᠨ ᠠᠮᠢᠳᠤ ᠪᠠᠢᠬᠤ ᠳᠤ ᠲᠡᠭᠦᠨ  ᠤ ᠭᠡᠷᠭᠡᠢ ᠠᠯᠤᠨ ᠭᠤᠸ᠎ᠠ  ᠡᠴᠡ ᠪᠤᠭᠤ ᠬᠠᠲᠠᠭᠢ ᠂ ᠪᠤᠬᠠᠳᠤ ᠰᠠᠯᠵᠢ ᠭᠡᠳᠡᠭ ᠬᠣᠶᠠᠷ ᠬᠥᠪᠡᠭᠦᠨ ᠲᠥᠷᠦᠪᠡ ᠃
3, ᠤᠢ ᠵᠢᠨ ᠢᠷᠭᠡᠳ ᠪᠣᠯ ᠬᠥᠯᠦᠨ ᠪᠤᠢᠷ  ᠡᠴᠡ ᠠᠯᠲᠠᠢ ᠬᠦᠷᠳᠡᠯ᠎ᠡ ᠂ ᠡᠮᠦᠨᠡᠰᠢ ᠪᠠᠨ ᠤᠷᠳᠤ ᠴᠠᠭᠠᠨ ᠬᠡᠷᠡᠮ ᠲᠠᠭᠤ ᠵᠢᠨ ᠤᠢ ᠰᠢᠭᠤᠢ ᠳᠤ ᠠᠩ ᠠᠩᠨᠠᠨ ᠠᠵᠤ ᠲᠥᠷᠦᠵᠦ ᠪᠠᠢᠪᠠ ᠃
4, ᠲᠠᠯ᠎ᠠ ᠵᠢᠨ ᠨᠡᠭᠦᠳᠡᠯᠴᠢᠳ ᠪᠠᠢᠭᠠᠯᠢ ᠳᠠᠯᠠᠢ  ᠡᠴᠡ ᠡᠷᠴᠢᠰ ᠮᠥᠷᠡᠨ ᠬᠦᠷᠲᠡᠯᠡᠬᠢ ᠭᠠᠵᠠᠷ ᠭᠣᠣᠯᠳᠠᠭᠤ ᠠᠳᠤᠭᠤ ᠂ ᠦᠬᠡᠷ ᠂ ᠬᠣᠨᠢ ᠂ ᠢᠮᠠᠭ᠎ᠠ ᠲᠡᠵᠢᠭᠡᠵᠦ ᠪᠠᠢᠪᠠ ᠃
5, ᠨᠢᠭᠡᠨ ᠶᠠᠰᠤᠨ  ᠤ ᠪᠢᠰᠢ ᠬᠥᠮᠦᠨ  ᠢ ᠵᠠᠳ ᠢᠷᠭᠡᠨ ᠭᠡᠨ᠎ᠡ ᠃
6, ᠠᠯᠤᠨ ᠭᠤᠸ᠎ᠠ ᠵᠢᠨ ᠬᠡᠯᠡᠬᠦ ᠪᠠᠷ ᠭᠡᠭᠡᠨ ᠬᠡᠷᠡᠯ ᠬᠡᠪᠡᠯᠢ ᠳᠤᠨᠢ ᠰᠢᠩᠬᠡᠬᠡᠵᠤ ᠂ ᠲᠡᠭᠦᠨ  ᠤ ᠠᠷᠢᠭᠤᠨ ᠨᠢᠷᠤᠭᠤᠨ  ᠡᠴᠡ ᠡᠭᠦᠰᠦᠭᠰᠡᠨ 《 ᠲᠡᠭᠷᠢ ᠵᠢᠨ ᠬᠥᠪᠡᠭᠦᠳ 》᠎ ᠭᠡᠳᠡᠭ ᠨᠢ ᠪᠤᠭᠤ ᠬᠠᠲᠠᠭᠢ ᠂ ᠪᠤᠬᠠᠳᠤ ᠰᠠᠯᠵᠢ ᠂ ᠪᠤᠳᠤᠨᠴᠢᠷ ᠮᠤᠩᠬᠠᠭ ᠪᠣᠯᠤᠨ᠎ᠠ ᠃
7, 《 ᠴᠡᠳᠬᠡᠨ ᠴᠢᠯᠠᠭᠤ ᠬᠠᠭᠠᠷᠠᠪᠠ ᠂ ᠴᠡᠬᠡᠯ  ᠤᠨ ᠤᠰᠤᠨ ᠬᠠᠳᠠᠪᠠ 》᠎ ᠭᠡᠵᠦ ᠵᠦᠢᠷᠯᠡᠭᠰᠡᠨ ᠨᠢ ᠶᠢᠰᠦᠭᠡᠢ ᠪᠠᠭᠠᠲᠤᠷ  ᠤᠨ ᠨᠠᠰᠤ ᠪᠠᠷᠠᠭᠰᠠᠨ  ᠤ ᠳᠠᠷᠠᠭᠠᠬᠢ ᠮᠣᠩᠭᠤᠯ  ᠤᠨ ᠪᠤᠭᠤᠯ  ᠤᠨ ᠢᠵᠠᠭᠤᠷᠲᠠᠨ ᠲᠤᠰ ᠲᠤᠰ ᠲᠠᠭᠠᠨ ᠬᠡᠰᠡᠭ ᠪᠦᠯᠦᠭ ᠠᠢᠮᠠᠭ  ᠢ ᠨᠣᠶᠠᠷᠬᠠᠵᠤ ᠵᠠᠳᠠᠷᠠᠭᠰᠠᠨ ᠪᠠᠢᠳᠠᠯ  ᠢ ᠲᠤᠰᠭᠠᠪᠠ ᠃
8, ᠶᠢᠰᠦᠭᠡᠢ ᠪᠠᠭᠠᠲᠤᠷ ᠲᠠᠲ᠋ᠠᠷ  ᠤᠨ ᠲᠡᠮᠦᠵᠢᠨ ᠦᠭᠡ  ᠶᠢ ᠣᠯᠵᠠᠯᠠᠵᠤ ᠢᠷᠡᠭᠰᠡᠨ ᠲᠡᠷᠡ ᠡᠳᠦᠷ ᠶᠠᠭ ᠲᠡᠮᠦᠵᠢᠨ  ᠤ ᠲᠦᠷᠦᠭᠰᠡᠨ ᠡᠳᠦᠷ ᠤᠴᠢᠷ ᠨᠠᠨ ᠢᠯᠡᠯᠳᠡ ᠪᠠᠨ ᠳᠤᠷᠠᠰᠭᠠᠵᠤ ᠬᠥᠪᠡᠭᠦᠨ ᠳᠡᠭᠡᠨ 《 ᠲᠡᠮᠦᠵᠢᠨ >᠎ ᠭᠡᠰᠡᠨ ᠨᠡᠷ᠎ᠡ ᠬᠠᠢᠷᠠᠯᠠᠪᠠ ᠃
9,1209᠎ ᠤᠨ ᠳᠤ ᠴᠢᠩᠭᠢᠰ ᠬᠠᠭᠠᠨ ᠭᠤᠷᠪᠠᠳᠤᠬᠢ ᠤᠳᠠᠭ᠎ᠠ ᠲᠠᠩᠭᠤᠳ  ᠲᠦ ᠮᠣᠷᠢᠯᠠᠪᠠ ᠃ ᠴᠢᠩᠭᠢᠰ ᠬᠠᠭᠠᠨ ᠶᠡᠬᠡ ᠮᠣᠩᠭᠤᠯ ᠤᠯᠤᠰ  ᠢ ᠪᠠᠢᠭᠤᠯᠬᠤ ᠵᠢᠨ ᠲᠦᠷᠦᠭᠦᠦ ᠵᠢᠯ ᠪᠠ ᠪᠠᠢᠭᠤᠯᠤᠭᠳᠠᠭᠰᠠᠨ  ᠤ ᠳᠠᠷᠠᠭ᠎ᠠ ᠵᠢᠯ D ᠳᠤ ᠤᠷᠢᠳ ᠬᠣᠵᠢᠳ ᠬᠣᠶᠠᠷ ᠤᠳᠠᠭ᠎ᠠ ᠲᠠᠩᠭᠤᠳ  ᠲᠦ ᠮᠣᠷᠢᠯᠠᠪᠠ ᠃
11, ᠦᠬᠡᠳᠠᠢ ᠬᠠᠭᠠᠨ ᠠᠯᠳᠠᠨ ᠤᠯᠤᠰ  ᠢ ᠲᠠᠢᠯᠠᠬᠤ ᠳᠠᠭᠠᠨ ᠴᠢᠩᠭᠢᠰ ᠬᠠᠭᠠᠨ  ᠤ ᠬᠡᠷᠢᠶᠠᠰ  ᠢ ᠵᠢᠷᠤᠮᠯᠠᠨ ᠂ ᠪᠠᠷᠠᠭᠤᠨ ᠰᠢᠶᠠ ᠤᠯᠤᠰ ᠲᠠᠢ ᠬᠣᠯᠪᠤᠭᠠᠯᠠᠵᠤ ᠠᠯᠳᠠᠨ ᠤᠯᠤᠰ  ᠢ ᠰᠦᠨᠤᠬᠡᠬᠦ ᠠᠷᠭ᠎ᠠ ᠠᠪᠴᠠᠢ ᠃
12, ᠮᠤᠬᠠᠯᠠᠢ ᠵᠢᠨ ᠬᠦᠦ ᠦᠷᠢᠶᠠᠩᠬᠠᠳᠠᠢ ᠵᠠᠩᠵᠤᠨ1257᠎ ᠤᠨ ᠳᠤ ᠶᠦᠨᠨᠠᠨ  ᠤ ᠠᠨᠨᠠᠮ ( ᠸᠢᠶᠧᠲ᠋ᠨᠠᠮ ) ᠳᠤ ᠣᠷᠤᠵᠤ ᠲᠡᠭᠦᠨ  ᠢ ᠡᠵᠡᠯᠡᠨ ᠬᠠᠷᠢᠶᠠᠲᠤ ᠪᠠᠨ ᠪᠣᠯᠭᠠᠪᠠ ᠃ 13,1218᠎ ᠤᠨ ᠳᠤ ᠮᠣᠩᠭᠤᠯ  ᠤᠨ ᠰᠠᠷᠲᠠᠭᠤᠯ ᠳᠤ ᠲᠣᠮᠢᠯᠠᠭᠰᠠᠨ450᠎ ᠬᠥᠮᠦᠨ ᠲᠠᠢ ᠡᠯᠴᠢᠳ  ᠤᠨ ᠪᠦᠯᠬᠦᠮ ᠨᠢ ᠰᠠᠷᠲᠠᠭᠤᠯ  ᠤᠨ ᠬᠢᠯᠢ ᠳᠡᠬᠢ ᠤᠲ᠋ᠷᠡᠷ ᠬᠤᠳᠠ ᠬᠦᠷᠦᠮᠡᠭᠴᠡ ᠬᠤᠳᠠ ᠵᠢᠨ ᠳᠠᠷᠤᠭ᠎ᠠ ᠢᠨᠠᠯᠴᠢᠭ ᠲᠥ ᠠᠯᠠᠭᠳᠠᠪᠠ ᠃ ᠨᠠᠨ ᠨᠢ ᠴᠢᠩᠭᠢᠰ ᠬᠠᠭᠠᠨ  ᠢ ᠪᠠᠷᠠᠭᠤᠨᠰᠢ ᠰᠠᠷᠲᠠᠭᠤᠯ  ᠲᠦ ᠲᠠᠢᠨ ᠬᠢᠬᠦ ᠳᠤ ᠬᠦᠷᠬᠡᠵᠡᠢ ᠃
14, ᠡᠧᠦᠢᠷᠦᠫᠡ ᠵᠢᠨ ᠠᠶᠠᠨ ᠲᠠᠢᠨ ᠵᠣᠭᠰᠤᠭᠠᠳᠤᠢ ᠪᠠᠷ1241᠎ ᠤᠨ ᠳᠤ ᠦᠬᠡᠳᠠᠢ ᠬᠠᠭᠠᠨ ᠨᠠᠰᠤ ᠪᠠᠷᠠᠭᠰᠠᠨ ᠴᠢᠮᠡᠭᠡ ᠲᠡᠨᠳᠡ ᠬᠦᠷᠦᠭᠰᠡᠨ᠎ᠡ ᠪᠠᠲᠤ ᠴᠡᠷᠢᠭ ᠪᠠᠨ ᠬᠢᠪᠴᠠᠭ ᠨᠤᠲᠤᠭ  ᠡᠴᠡ ᠲᠠᠲᠠᠨ ᠠᠪᠴᠢᠷᠠᠪᠠ ᠃
15, ᠮᠣᠩᠭᠤᠯ ᠴᠡᠷᠢᠭ  ᠤᠨ ᠭᠤᠷᠪᠠᠳᠤᠭᠠᠷ ᠤᠳᠠᠭᠠᠨ  ᠤ ᠪᠠᠷᠠᠭᠤᠨᠰᠢ ᠳᠠᠢᠯᠠᠭᠰᠠᠨ  ᠤ ᠵᠣᠷᠢᠯᠭ᠎ᠠ ᠪᠣᠯ ᠢᠰᠮᠡᠢᠨ ᠪᠦᠯᠦᠭ  ᠤᠨ ᠮᠦᠯᠡᠢ ᠤᠯᠤᠰ  ᠢ ᠮᠦᠬᠦᠬᠡᠬᠦ ᠪᠠ ᠠᠷᠠᠪ ᠤᠯᠤᠰ  ᠢ ᠡᠵᠡᠯᠡᠨ ᠠᠪᠬᠤ ᠳᠤ ᠪᠤᠢ ᠃
16, ᠠᠯᠳᠠᠨ ᠤᠷᠳᠤᠳᠤ ᠬᠠᠭᠠᠨᠲᠤ ᠤᠯᠤᠰ  ᠢ ᠪᠠᠰᠠ ᠢᠯ ᠬᠠᠭᠠᠨᠲᠤ ᠤᠯᠤᠰ ᠭᠡᠳᠡᠭ ᠃ ᠵᠦᠴᠢ ᠵᠢᠨ ᠬᠤᠪᠢ ᠪᠠᠷ ᠰᠠᠭᠤᠷᠢ ᠪᠣᠯᠭᠠᠨ ᠪᠠᠲᠤ ᠵᠢᠨ ᠪᠠᠢᠭᠤᠯᠨᠭᠰᠠᠨ ᠤᠯᠤᠰ ᠮᠥᠨ ᠃
17, 《 ᠮᠣᠩᠭᠤᠯ  ᠤᠨ ᠨᠢᠭᠤᠴᠠ ᠲᠣᠪᠴᠢᠶᠠᠨ 》᠎ ᠪᠣᠯ ᠴᠢᠩᠭᠢᠰ ᠬᠠᠭᠠᠨ  ᠤ ᠳᠡᠭᠡᠳᠦ ᠪᠦᠷᠳᠡ ᠴᠢᠨᠤᠸ᠎ᠠ  ᠡᠴᠡ ᠠᠪᠤᠭᠠᠳ ᠬᠤᠪᠢᠯᠠᠢ ᠬᠠᠭᠠᠨ ᠬᠦᠷᠲᠡᠯᠡᠬᠢ  ᠶᠢ ᠪᠢᠴᠢᠭᠰᠡᠨ ᠲᠡᠦᠬᠡ ᠮᠥᠨ ᠃
18, 《 ᠰᠤᠳᠤᠷ  ᠤᠨ ᠴᠤᠭᠯᠠᠭᠠᠨ 》᠎ ᠪᠣᠯ 《 ᠮᠣᠩᠭᠤᠯ  ᠤᠨ ᠨᠢᠭᠤᠴᠠ ᠲᠣᠪᠴᠢᠶᠠᠨ 》᠎ ᠢᠶᠡᠷ ᠭᠣᠣᠯ ᠡᠬᠡ ᠮᠠᠲ᠋ᠧᠷᠢᠶᠠᠯ ᠪᠣᠯᠭᠠᠵᠤ ᠪᠢᠴᠢᠪᠡ ᠃
19, ᠲᠦᠮᠡᠨ ᠪᠣᠳᠠᠰ ᠴᠥᠮ ᠰᠦᠨᠡᠰᠦ ᠰᠠᠬᠢᠭᠤᠯᠰᠤᠨ ᠲᠠᠢ ᠪᠥᠭᠡᠳ ᠬᠥᠮᠦᠨ ᠳᠤ ᠪᠤᠶᠠᠨ ᠢᠪᠡᠭᠡᠯ ᠪᠤᠶᠤ ᠭᠠᠰᠠᠯᠠᠩ ᠵᠤᠪᠯᠠᠩ ᠠᠪᠴᠢᠷᠠᠵᠤ ᠥᠭᠳᠡᠭ ᠭᠡᠵᠦ ᠡᠷᠲᠡᠨ  ᠤ ᠮᠣᠩᠭᠤᠯᠴᠤᠳ ᠦᠵᠡᠳᠡᠭ ᠃
20, ᠮᠥᠩᠬᠡ ᠲᠡᠭᠷᠢ ᠪᠣᠯ ᠡᠷᠲᠡᠨ  ᠤ ᠮᠣᠩᠭᠤᠯᠴᠤᠳ  ᠤᠨ ᠬᠠᠮᠤᠭ  ᠤᠨ ᠳᠡᠭᠡᠳᠦ ᠰᠢᠲᠦᠭᠡᠨ ᠮᠥᠨ ᠃
21,1211᠎ ᠤᠨ ᠳᠤ ᠨᠠᠢ᠍ᠮᠠᠨ  ᠤ ᠳᠠᠶᠠᠩ ᠬᠠᠨ  ᠤ ᠬᠥᠪᠡᠭᠦᠨ ᠬᠦᠴᠦᠯᠦᠭ ᠬᠠᠷ᠎ᠠ ᠬᠢᠳᠠᠨ  ᠤ ᠲᠥᠷᠦ ᠵᠢᠨ ᠡᠷᠬᠡ  ᠶᠢ ᠪᠤᠯᠢᠶᠠᠨ ᠠᠪᠤᠪᠠ ᠃1218᠎ ᠤᠨ ᠳᠤ ᠴᠢᠩᠭᠢᠰ ᠬᠠᠭᠠᠨ ᠲᠤᠯᠤᠢ  ᠶᠢ ᠲᠣᠮᠢᠯᠠᠵᠤ ᠬᠠᠷ᠎ᠠ ᠬᠢᠳᠠᠨ ᠵᠦᠭ ᠮᠣᠷᠳᠠᠭᠤᠯᠪᠠ ᠃
22, ᠵᠦᠴᠢ ᠨᠣᠶᠠᠨ ᠭᠤᠷᠪᠠᠨ ᠮᠢᠩᠭᠠᠨ ᠪᠠᠭᠠᠷᠢᠨᠴᠤᠳ  ᠤᠨ ᠳᠡᠭᠡᠷ᠎ᠡ ᠪᠤᠰᠤᠳ ᠠᠢᠮᠠᠭ  ᠦᠳ  ᠢ ᠨᠡᠮᠡᠵᠦ ᠲᠦᠮᠡᠨ ᠡᠷᠦᠬᠡ ᠪᠣᠯᠭᠠᠭᠠᠳ ᠤᠢ ᠵᠢᠨ ᠢᠷᠭᠡᠨ  ᠢ ᠨᠣᠶᠠᠷᠬᠠᠨ ᠰᠠᠭᠤᠪᠠ
23,1259᠎ ᠤᠨ  ᠤ 7᠎ ᠰᠠᠷ᠎ᠠ ᠳᠤ ᠮᠥᠩᠬᠡ ᠬᠠᠭᠠᠨ ᠴᠦᠩᠴᠢᠩ  ᠤᠨ ᠬᠠᠪᠢ ᠡᠾᠧᠵᠧᠤ ᠣᠷᠴᠢᠮ  ᠤᠨ ᠳ᠋ᠢᠶᠤᠤ ᠢᠦᠢ ᠱᠠᠨ ᠣᠷᠴᠢᠮ ᠨᠠᠰᠤ ᠪᠠᠷᠠᠭᠰᠠᠨ ᠳᠤ ᠮᠣᠩᠭᠤᠯ ᠪᠠ ᠠᠯᠳᠠᠨ ᠤᠯᠤᠰ  ᠤᠨ ᠲᠠᠢᠨ ᠲᠦᠷ ᠵᠠᠪᠰᠠᠷᠯᠠᠪᠠ
24, ᠴᠢᠩᠭᠢᠰ ᠬᠠᠭᠠᠨ  ᠤ ᠵᠠᠷᠯᠢᠭ ᠢᠶᠡᠷ ᠠᠩᠬ᠎ᠠ ᠤᠳᠠᠭ᠎ᠠ ᠤᠷᠤᠰ  ᠢ ᠴᠣᠬᠢᠵᠤ ᠥᠩᠭᠡᠷᠡᠭᠰᠡᠨ ᠬᠣᠶᠠᠷ ᠵᠠᠩᠵᠤᠨ ᠪᠣᠯ ᠵᠠᠪᠠ ᠂ ᠰᠦᠪᠡᠬᠡᠳᠠᠢ ᠬᠣᠶᠠᠷ ᠪᠣᠯᠤᠨ᠎ᠠ
25, ᠢᠯ ᠬᠠᠭᠠᠨᠲᠤ ᠤᠯᠤᠰ  ᠢ ᠦᠯᠡᠬᠦ ᠪᠠᠢᠭᠤᠯᠵᠤ ᠂ ᠡᠷᠴᠢᠰ ᠮᠥᠷᠡᠨ  ᠤ ᠳᠡᠭᠡᠳᠦ ᠤᠷᠤᠰᠭᠠᠯ ᠪᠤᠯᠤᠨ ᠪᠠᠯᠾᠠᠱ ᠨᠠᠭᠤᠷ  ᠡᠴᠡ ᠵᠡᠭᠦᠨᠰᠢᠬᠢ ᠭᠠᠵᠠᠷ  ᠢ ᠨᠣᠶᠠᠷᠬᠠᠵᠤ ᠪᠠᠢᠪᠠ
26, ᠮᠣᠩᠭᠤᠯ  ᠤᠨ ᠢᠯ ᠬᠠᠭᠠᠨᠲᠤ ᠤᠯᠤᠰ  ᠤᠨ ᠬᠠᠭᠠᠨ ᠣᠷᠳᠤᠨ ᠳᠤ 《 ᠠᠯᠳᠠᠨ ᠳᠡᠪᠲᠡᠷ 》᠎ ᠭᠡᠳᠡᠭ ᠨᠢᠭᠤᠴᠠ ᠲᠡᠦᠬᠡ ᠬᠠᠳᠠᠭᠠᠯᠠᠭᠳᠠᠵᠤ ᠪᠠᠢᠯ᠎ᠠ
27, ᠴᠢᠩᠭᠢᠰ ᠬᠠᠭᠠᠨ ᠰᠠᠭᠤᠷᠢᠨ ᠳᠤ ᠰᠠᠭᠤᠬᠤ ᠦᠶ᠎ᠡ ᠳᠤ ᠪᠥᠬᠡ ᠵᠢᠨ ᠱᠠᠰᠢᠨ  ᠤ ᠳᠡᠮᠵᠢᠯᠭᠡ  ᠶᠢ ᠶᠡᠬᠡ ᠣᠯᠵᠠᠢ ᠃ ᠶᠡᠬᠡ ᠮᠣᠩᠭᠤᠯ ᠤᠯᠤᠰ ᠪᠠᠢᠭᠤᠯᠤᠭᠳᠠᠭᠰᠠᠨ  ᠤ ᠳᠠᠷᠠᠭ᠎ᠠ ᠪᠥᠬᠡ ᠵᠢᠨ ᠱᠠᠰᠢᠨ  ᠢ ᠲᠥᠷᠦ ᠵᠢᠨ ᠱᠠᠰᠢᠨ ᠪᠣᠯᠭᠠᠪᠠ
       ᠎ ᠳᠥᠷᠪᠡ ᠄ ᠮᠠᠲ᠋ᠧᠷᠢᠶᠠᠯ ᠵᠠᠳᠠᠯᠠᠬᠤ ᠰᠡᠳᠦᠪ
⒈⑴ ᠴᠢᠩᠭᠢᠰ ᠬᠠᠭᠠᠨ 《 ᠬᠦᠷ ᠤᠯᠤᠰ  ᠤᠨ ᠬᠤᠯᠠᠭᠠᠢ  ᠶᠢ ᠬᠡᠰᠡᠭᠯᠡᠵᠤ ᠂ ᠬᠤᠳᠠᠯ  ᠢ ᠮᠣᠬᠤᠭᠠᠵᠤ ᠂ ᠦᠬᠦᠬᠦᠯᠳᠡᠬᠦᠨ ᠶᠤᠰᠤᠳᠠᠨ  ᠢ ᠦᠬᠦᠬᠦᠯ ᠂ ᠠᠯᠳᠠᠭᠤᠯᠳᠠᠬᠤᠨ ᠶᠤᠰᠤᠳᠠᠨ  ᠢ ᠠᠯᠳᠠᠭᠤᠯ
 
⑵ᠴᠢᠩᠭᠢᠰ ᠬᠠᠭᠠᠨ 《 ᠬᠦᠷ ᠢᠷᠭᠡᠨ  ᠤ ᠬᠤᠪᠢ ᠬᠤᠪᠢᠯᠠᠭᠰᠠᠨ ᠂ ᠵᠠᠷᠭᠤ ᠵᠠᠷᠭᠤᠯᠤᠭᠰᠠᠨ  ᠢ ᠬᠥᠬᠡ ᠳᠡᠪᠲᠡᠷ ᠪᠢᠴᠢᠭ᠌ ᠪᠢᠴᠢᠵᠦ ᠲᠡᠪᠳᠡᠷᠯᠡᠵᠤ ᠂ ᠤᠷᠤᠭ  ᠤᠨ ᠤᠷᠤᠭ ᠬᠦᠷᠳᠡᠯ᠎ᠡ ᠰᠢᠬᠢᠬᠤᠳᠤᠬᠤ ᠡᠶᠡᠳᠡᠵᠤ ᠶᠣᠰᠤᠯᠠᠵᠤ ᠂ ᠬᠥᠬᠡ ᠪᠢᠴᠢᠭ᠌ ᠴᠠᠭᠠᠨ ᠴᠠᠭᠠᠯᠰᠤᠨ ᠳᠤᠷ ᠳᠡᠪᠲᠡᠷᠯᠡᠭᠰᠡᠨ  ᠢ ᠪᠤᠤ ᠶᠠᠬᠦᠳᠬᠡᠳᠦᠬᠡᠢ ᠃ ᠶᠡᠬᠦᠳᠬᠡᠬᠦᠨ ᠠᠷᠠᠨ ᠠᠭᠳᠠᠯᠳᠤᠨ ᠪᠣᠯᠲᠤᠭᠠᠢ ᠬᠠᠷᠢᠭᠤᠯ ᠄
Ⅰ ᠂ᠮᠠᠲ᠋ᠧᠷᠢᠶᠠᠯ ①  ᠳᠡᠬᠢ ᠦᠭᠡ  ᠶᠢ ᠴᠢᠩᠭᠢᠰ ᠬᠠᠭᠠᠨ ᠬᠡᠨ ᠳᠤ ᠬᠡᠯᠡᠭᠰᠡᠨ ᠪᠤᠢ ︖ ᠲᠡᠭᠦᠨ ᠢᠶᠡᠷ ᠶᠠᠭᠤ ᠬᠢᠯᠬᠡᠬᠦ ᠭᠡᠰᠡᠨ ᠪᠤᠢ ︖ ᠲᠡᠷᠡ ᠬᠥᠮᠦᠨ  ᠤ ᠡᠭᠦᠷᠭᠡ ᠲᠤᠰᠢᠶᠠᠯ ᠨᠢ ᠶᠠᠭᠤ ᠪᠤᠢ ︖
 
 
 
Ⅱ ᠂ ᠮᠠᠲ᠋ᠧᠷᠢᠶᠠᠯ⑵ ᠳᠡᠬᠢ ᠠᠭᠤᠯᠭ᠎ᠠ  ᠡᠴᠡ ᠦᠵᠡᠪᠡᠯ ᠴᠢᠩᠭᠢᠰ ᠬᠠᠭᠠᠨ ᠶᠠᠮᠠᠷ ᠶᠠᠪᠤᠳᠠᠯ  ᠢ ᠴᠢᠬᠤᠯᠠᠴᠢᠯᠠᠨ ᠬᠢᠯᠬᠡᠵᠤ ᠪᠠᠢᠭᠰᠠᠨ ᠪᠤᠢ ︖ ᠨᠠᠨ ᠨᠢ ᠬᠣᠵᠢᠮ  ᠤᠨ ᠶᠡᠬᠡ ᠮᠣᠩᠭᠤᠯ ᠤᠯᠤᠰ ᠲᠥ ᠶᠠᠮᠠᠷ ᠠᠴᠢ ᠦᠢᠯᠡᠳᠦᠯ ᠭᠠᠷᠭᠠᠪᠠ ︖
 
 
 
 
⒉ ᠢᠰᠡᠬᠡᠢ ᠲᠤᠭᠤᠷᠭᠠᠲᠠᠨ  ᠤ ᠤᠯᠤᠰ  ᠢ ᠰᠢᠳᠤᠷᠭᠤᠳᠬᠠᠵᠤ ᠂ ᠪᠠᠷᠰ ᠵᠢᠯ  ᠤᠨ ᠤᠨᠤᠨ  ᠤ ᠲᠡᠷᠢᠬᠦᠨ᠎ᠡ ᠬᠤᠷᠠᠵᠤ ᠂ ᠶᠢᠰᠦᠨ ᠬᠥᠬᠦᠯᠲᠦ ᠴᠠᠭᠠᠨ ᠲᠤᠭ ᠪᠠᠢᠭᠤᠯᠤᠨ ᠂ ᠴᠢᠩᠭᠢᠰ ᠬᠠᠭᠠᠨ ᠨᠡᠷ᠎ᠡ ᠲᠡᠨᠳᠡ ᠥᠭᠪᠡ ᠃ ᠬᠠᠷᠢᠭᠤᠯ ᠄
Ⅰ ᠂ ᠢᠰᠡᠬᠡᠢ ᠲᠤᠭᠤᠷᠭᠠᠲᠤ ᠤᠯᠤᠰ  ᠢ ᠰᠢᠳᠤᠷᠭᠤᠳᠬᠠᠵᠤ ᠭᠡᠳᠡᠭ ᠨᠢ ᠶᠠᠮᠠᠷ ᠤᠳᠭ᠎ᠠ ᠲᠠᠢ ᠪᠤᠢ ︖ ᠢᠰᠡᠬᠡᠢ ᠲᠤᠭᠤᠷᠭᠠᠳᠠᠳ ᠲᠥ ᠶᠠᠮᠠᠷ ᠶᠠᠮᠠᠷ ᠠᠢᠮᠠᠭ ᠪᠠᠭᠲᠠᠭᠳᠠᠵᠤ ᠪᠠᠢᠬᠤ ᠪᠤᠢ ︖
 
 
 
 
Ⅱ ᠂ ᠪᠠᠷᠰ ᠵᠢᠯ ᠭᠡᠳᠡᠭ ᠨᠢ ᠠᠯᠢ ᠤᠨ  ᠢ ᠵᠢᠭᠠᠵᠤ ᠪᠠᠢᠬᠤ ᠪᠤᠢ ︖ ᠶᠢᠰᠦᠨ ᠬᠥᠬᠦᠯᠲᠦ ᠴᠠᠭᠠᠨ ᠲᠤᠭ  ᠤᠨ ᠲᠤᠬᠠᠢ ᠣᠢᠯᠭᠠᠭᠰᠠᠨ ᠢᠶᠡᠨ ᠪᠢᠴᠢᠨ ᠲᠠᠢᠯᠪᠤᠷᠢᠯᠠ
 
 
 
Ⅲ ᠂ ᠴᠢᠩᠭᠢᠰ ᠬᠠᠭᠠᠨ ᠭᠡᠬᠦ ᠨᠡᠷᠡᠢᠳᠳᠤᠯ  ᠤᠨ 《 ᠴᠢᠩᠭᠢᠰ 》᠎ ᠭᠡᠬᠦ ᠨᠡᠷ᠎ᠡ ᠵᠢᠨ ᠤᠳᠭ᠎ᠠ  ᠨᠢ ᠶᠠᠭᠤ ᠪᠤᠢ ︖
 
 
 
 
⒊ ᠬᠠᠮᠤᠭ ᠮᠣᠩᠭᠤᠯ  ᠢ ᠬᠠᠪᠤᠯ ᠬᠠᠭᠠᠨ ᠮᠡᠳᠡᠨ ᠠᠪᠠ ᠃ ᠊ 《 ᠮᠣᠩᠭᠤᠯ  ᠤᠨ ᠨᠢᠭᠤᠴᠠ ᠲᠣᠪᠴᠢᠶᠠᠨ 》᠎ ᠡᠴᠡ
 
Ⅰ ᠂ ᠬᠠᠮᠤᠭ ᠮᠣᠩᠭᠤᠯ ᠤᠯᠤᠰ ᠠᠯᠢ ᠦᠶ᠎ᠡ ᠳᠤ ᠪᠤᠢ ᠪᠣᠯᠤᠭᠰᠠᠨ ᠪᠤᠢ ︖ ᠲᠤᠬᠠᠢ ᠵᠢᠨ ᠦᠶ᠎ᠡ ᠳᠤ ᠶᠠᠮᠠᠷ ᠪᠠᠢᠭᠤᠯᠤᠯ ᠢᠶᠡᠷ ᠪᠠᠢᠭᠰᠠᠨ ᠪᠤᠢ ︖
 
 
Ⅱ ᠂ ᠣᠷᠤᠨ ᠨᠤᠲᠤᠭ ᠢᠶᠡᠨ ᠬᠡᠳᠦᠨ ᠵᠢᠭᠦᠷ ᠬᠤᠪᠢᠶᠠᠭᠰᠠᠨ ᠪᠤᠢ ︖ ᠡᠨᠡᠬᠦ ᠵᠣᠬᠢᠶᠠᠨ ᠪᠠᠢᠭᠤᠯᠤᠯᠲᠠ ᠵᠢᠨ ᠪᠦᠲᠦᠴᠡ ᠪᠠ ᠤᠢᠯᠡᠳᠤᠯᠨᠢ ᠶᠠᠮᠠᠷ ᠪᠤᠢ ︖
 
 
 
⒋ ᠴᠢᠩᠭᠢᠰ ᠬᠠᠭᠠᠨ ᠬᠥᠪᠡᠭᠦᠳ ᠲᠡᠬᠡᠨ ᠬᠡᠯᠡᠷᠤᠨ ᠄ 《 ᠡᠳᠤᠬᠡᠨ ᠡᠬᠡ ᠠᠭᠤᠢ ᠪᠤᠢ ᠃ ᠮᠦᠷᠡᠳ ᠤᠰᠤᠳ ᠤᠯᠠᠨ ᠪᠤᠢ ᠃ ᠰᠠᠯᠬᠤ ᠰᠢᠳᠦ ᠨᠤᠲᠤᠭ ᠠᠭᠤᠳᠬᠢᠨ ᠬᠠᠷᠢ ᠳᠠᠷᠤᠭᠤᠯᠤᠨ ᠰᠠᠯᠭᠠᠶ᠎ᠠ 》᠎ ᠭᠡᠵᠡᠢ ᠃
 
 
 
Ⅰ. ᠳᠣᠣᠷᠠᠬᠢ ᠦᠭᠡ  ᠶᠢ ᠶᠠᠮᠠᠷ ᠰᠠᠨᠠᠭ᠎ᠠ  ᠲᠠᠢ ᠬᠡᠯᠡᠭᠰᠡᠨ  ᠢ ᠲᠠᠢᠯᠪᠤᠷᠢᠯᠠ ᠃
 
 
 
 
Ⅱ ᠂ ᠦᠷ᠎ᠡ ᠳ᠋ᠦᠩ ᠳᠤ ᠨᠢ ᠲᠡᠭᠦᠨ  ᠤ ᠬᠣᠢᠴᠢᠰ ᠬᠡᠳᠦᠨ ᠬᠠᠭᠠᠨᠲᠤ ᠤᠯᠤᠰ  ᠢ ᠪᠠᠢᠭᠤᠯᠪᠠ ︖ ᠶᠡᠬᠡ ᠲᠥᠯᠦᠪ ᠪᠠᠢᠷᠢᠯᠠᠯ ᠬᠡᠪᠴᠢᠶ᠎ᠡ  ᠶᠢ ᠨᠢ ᠶᠠᠷᠢ ᠃
 
 
 
 
       ᠎ ᠲᠠᠪᠤ ᠄ ᠠᠰᠠᠭᠤᠯᠲᠠ ᠬᠠᠷᠢᠭᠤᠯᠬᠤ ᠰᠡᠳᠦᠪ
 
⒈ ᠴᠢᠩᠭᠢᠰ ᠬᠠᠭᠠᠨ  ᠤ ᠮᠣᠩᠭᠤᠯ  ᠤᠨ ᠥᠨᠳᠦᠷᠯᠢᠭ  ᠢ ᠨᠢᠭᠡᠳᠭᠡᠭᠰᠡᠨ ᠠᠭᠤᠤ ᠶᠡᠬᠡ ᠦᠢᠯᠡᠰ  ᠤᠨ ᠪᠡᠶᠡᠯᠡᠭᠳᠡᠭᠰᠡᠨ ᠰᠢᠯᠲᠠᠭᠠᠨ  ᠢ ᠲᠡᠭᠦᠨ  ᠤ ᠬᠤᠪᠢ ᠪᠡᠶᠡᠨ  ᠤ ᠠᠪᠢᠶᠠᠰ ᠴᠢᠳᠠᠪᠤᠷᠢ ᠵᠢᠨ ᠢᠯᠡᠷᠡᠯ ᠪᠠ ᠲᠤᠬᠠᠢ ᠵᠢᠨ ᠠᠬᠤᠢ ᠪᠠᠢᠳᠠᠯ ᠲᠠᠢ ᠤᠶᠠᠯᠳᠤᠭᠤᠯᠤᠨ ᠵᠠᠳᠠᠯᠵᠤ ᠶᠠᠷᠢ ᠃ ᠴᠢ ᠲᠡᠭᠦᠨ  ᠤ ᠭᠠᠳᠠᠭᠰᠢ ᠦᠷᠬᠡᠳᠬᠡᠭᠰᠡᠨ ᠲᠠᠢᠨ  ᠤ ᠲᠤᠬᠠᠢ ᠶᠠᠮᠠᠷ ᠦᠵᠡᠯᠲᠡ ᠲᠠᠢ ᠪᠠᠢᠬᠤ ᠪᠤᠢ ︖
 
 
 
ᠴᠢᠩᠭᠢᠰ ᠬᠠᠭᠠᠨ  ᠤ ᠢᠯᠡᠯᠳᠡ ᠣᠯᠤᠭᠰᠠᠨ ᠨᠢᠭᠤᠴᠠ ᠪᠠ ᠲᠡᠭᠦᠨ  ᠤ ᠦᠷ᠎ᠡ ᠬᠣᠢᠴᠢᠰ ᠬᠡᠷᠬᠢᠨ ᠲᠡᠷᠡᠬᠦ ᠤᠯᠠᠨ ᠤᠯᠤᠰ ᠣᠷᠤᠨ  ᠢ ᠨᠣᠶᠠᠷᠬᠠᠵᠤ ᠴᠢᠳᠠᠭᠰᠠᠨ  ᠤ ᠰᠢᠯᠲᠠᠭᠠᠨ  ᠢ ᠵᠠᠳᠠᠯᠵᠤ ᠦᠵᠡ ᠃
 
 
 
 
 
⒉ᠬᠠᠷᠠᠬᠤᠷᠤᠮ ᠬᠤᠳᠠ ᠵᠢᠨ ᠲᠤᠬᠠᠢ ᠥᠪᠡᠷ  ᠤᠨ ᠣᠢᠯᠭᠠᠭᠰᠠᠨ ᠢᠶᠡᠷ ᠢᠶᠡᠨ ᠲᠠᠨᠢᠯᠴᠠᠭᠤᠯ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )