ᠰᠣᠶᠤᠯ ᠡᠷᠳᠡᠨᠢ ᠠᠯᠵᠢᠶᠠᠯ ᠲᠠᠢᠯᠬᠤ ᠬᠤᠷᠤᠮ
ᠪᠣᠭᠴᠤᠨ ᠳᠣᠲᠤᠷ ᠎ᠠ ᠪᠠᠭᠲᠠᠬᠤ ᠮᠠᠰᠢᠨ ᠲᠡᠷᠭᠡ
2016.12.05 ᠲᠣᠰ ᠥᠷᠲᠡᠭᠡᠨ ᠦ ᠨᠠᠢᠷᠠᠭᠤᠯᠤᠭᠴᠢ

 

ᠪᠣᠭᠴᠤᠨ ᠳᠣᠲᠤᠷ ᠎ᠠ ᠪᠠᠭᠲᠠᠬᠤ ᠮᠠᠰᠢᠨ ᠲᠡᠷᠭᠡ

                ᠨᠢᠭᠡ ᠤᠳᠠᠭ᠎ᠠ ᠶᠠᠫᠤᠨ ᠤ ᠢᠨᠵᠧᠨᠧᠷ ᠴᠢ ᠲᠧᠩ ᠭᠠᠳᠠᠭᠰᠢ ᠵᠤᠭᠠᠴᠠᠬᠤ ᠪᠠᠷ ᠭᠠᠷᠬᠤ ᠳᠤ ᠵᠠᠮ ᠲᠦᠭᠵᠢᠷᠡᠬᠦ ᠲᠠᠢ ᠲᠠᠭᠠᠷᠠᠯᠳᠤᠵᠤ ᠂ ᠦᠵᠦᠭᠦᠷ ᠨᠢ ᠬᠠᠷᠠᠭᠳᠠᠬᠤ ᠦᠭᠡᠢ ᠮᠠᠰᠢᠨ ᠲᠡᠷᠭᠡᠨ ᠤ ᠴᠤᠪᠤᠭ᠎ᠠ ᠶᠢ ᠬᠠᠷᠠᠭᠠᠳ ᠲᠡᠷᠡ ᠶᠡᠬᠡᠳᠡ ᠰᠡᠳᠭᠢᠯ ᠵᠣᠪᠠᠪᠠ ᠃
                ᠴᠢ ᠲᠧᠩ ᠲᠠᠮᠠᠬᠢ ᠲᠠᠲᠠᠬᠤ ᠶᠢᠨ ᠳᠠᠭᠠᠤ ᠲᠡᠷᠭᠡᠨ ᠡᠴᠡ ᠪᠠᠨ ᠪᠠᠭᠤᠵᠤ ᠂ ᠵᠠᠮ ᠤᠨ ᠬᠠᠵᠠᠭᠤ ᠪᠠᠷ ᠪᠠᠰᠠ ᠬᠥᠮᠦᠨ ᠥᠩᠭᠡᠷᠡᠵᠦ ᠪᠠᠭᠲᠠᠬᠤ ᠵᠠᠢ ᠲᠠᠢ ᠪᠠᠢᠬᠤ ᠶᠢ ᠣᠯᠵᠤ ᠬᠠᠷᠠᠪᠠ ᠃ ᠠᠯᠬᠤᠭᠠᠳ ᠶᠠᠪᠤᠶ᠎ᠠ ᠭᠡᠬᠦ ᠳᠤ ᠵᠣᠷᠢᠭᠰᠠᠨ ᠭᠠᠵᠠᠷ ᠨᠢ ᠳᠡᠩᠳᠡᠭᠦᠦ ᠬᠤᠯᠠ ᠂ ᠠᠯᠬᠤᠭᠠᠳ ᠬᠦᠷᠪᠡᠴᠦ ᠬᠠᠷᠢᠵᠤ ᠡᠢᠷᠡᠵᠤ ᠳᠡᠢᠯᠬᠦ ᠦᠭᠡᠢ ᠃
                ᠬᠡᠷᠪᠡ ᠮᠠᠰᠢᠨ ᠲᠡᠷᠭᠡ ᠪᠠᠭ᠎ᠠ ᠰᠢᠭ ᠪᠠᠢᠭᠰᠠᠨ ᠪᠣᠯ ᠂ ᠵᠠᠮ ᠬᠠᠷᠢᠯᠴᠠᠭ᠎ᠠ ᠲᠦᠭᠵᠢᠷᠡᠬᠦ ᠪᠠᠢᠳᠠᠯ ᠠᠶᠠᠳᠠᠬᠤ ᠪᠢᠰᠢᠦ ︖ ᠭᠡᠵᠦ ᠲᠡᠷᠡ ᠳᠣᠲᠤᠷ᠎ᠠ ᠪᠠᠨ ᠪᠣᠳᠤᠵᠠᠢ ᠃
                ᠨᠢᠭᠡ ᠡᠳᠦᠷ ᠴᠢ ᠲᠧᠩ ᠴᠡᠴᠡᠷᠯᠢᠭ ᠳᠣᠲᠤᠷ᠎ᠠ ᠰᠤᠯᠠ ᠠᠯᠬᠤᠵᠤ ᠪᠠᠢᠲᠠᠯ᠎ᠠ ᠨᠢᠭᠡ ᠬᠡᠦᠬᠡᠳ ᠭᠤᠯᠭᠤᠭᠤᠷ ᠲᠡᠷᠭᠡᠨ ᠳᠡᠭᠡᠷ᠎ᠡ ᠵᠣᠭᠰᠤᠵᠤ ᠥᠭᠡᠳᠡ ᠡᠴᠡ ᠨᠢ ᠰᠤᠮᠤᠳᠡᠨ ᠡᠢᠷᠡᠬᠦ ᠶᠢ ᠬᠠᠷᠠᠭᠠᠳ 《ᠶᠠᠭ ᠲᠠᠭᠠᠷᠠᠵᠤ ᠪᠠᠢᠨ᠎ᠠ ᠂ ᠬᠡᠷᠪᠡ ᠮᠠᠰᠢᠨ ᠲᠡᠷᠭᠡ ᠶᠢ ᠭᠤᠯᠭᠤᠭᠤᠷ ᠲᠡᠷᠭᠡ ᠰᠢᠭ ᠪᠠᠭ᠎ᠠ ᠵᠤᠬᠢᠶᠠᠪᠠᠯ ᠂ ᠠᠪᠴᠤ ᠶᠠᠪᠤᠬᠤ ᠳᠤ ᠲᠤᠢᠯ ᠤᠨ ᠳᠥᠬᠦᠮ ᠪᠤᠯᠴᠢᠭᠬᠤ ᠪᠢᠰᠢᠦ ︖》᠎ ᠭᠡᠵᠦ ᠴᠢ ᠲᠧᠩ ᠭᠡᠨᠡᠳᠲᠡ ᠪᠤᠳᠤᠵᠤ ᠣᠯᠤᠭᠠᠳ ᠭᠡᠷ ᠵᠦᠭ ᠢᠶᠠᠨ ᠬᠦᠶᠦᠪᠠ ᠃
                ᠨᠡᠷ᠎ᠡ ᠬᠦᠨᠳᠦ ᠲᠠᠢ ᠢᠨᠵᠧᠨᠧᠷ ᠪᠣᠯᠤᠭᠰᠠᠨ ᠤ ᠬᠤᠪᠢ ᠳᠤ ᠂ ᠡᠨᠡ ᠲᠥᠯᠦᠪᠯᠡᠭᠡ ᠨᠢ ᠴᠢ ᠲᠧᠩ ᠳᠤ ᠠᠪᠴᠤ ᠬᠡᠯᠡᠪᠡᠯ ᠠᠮᠠᠷ ᠶᠠᠪᠤᠳᠠᠯ ᠪᠠᠢᠵᠠᠢ ᠃ ᠤᠳᠠᠯ ᠦᠭᠡᠢ ᠂ ᠴᠢ ᠲᠧᠩ ᠵᠢᠵᠢᠭ᠌ ᠮᠠᠰᠢᠨ ᠲᠡᠷᠭᠡᠨ ᠤ ᠵᠠᠭᠪᠤᠷ ᠢ ᠵᠣᠬᠢᠶᠠᠨ ᠭᠠᠷᠭᠠᠪᠠ ᠃ ᠬᠥᠮᠦᠰ ᠡᠨᠡ ᠵᠠᠭᠪᠤᠷ ᠢ ᠦᠵᠡᠭᠡᠳ ᠪᠤᠯᠢᠶᠠᠯᠳᠤᠨ ᠲᠤᠷᠰᠢᠵᠤ 《ᠭᠠᠳᠠᠭᠰᠢ ᠵᠤᠭᠠᠴᠠᠬᠤ ᠳᠠᠭᠠᠨ ᠡᠭᠦᠨ ᠢ ᠠᠪᠤᠭᠠᠳ ᠶᠠᠪᠤᠪᠠᠯ ᠲᠤᠢᠯ ᠤᠨ ᠳᠥᠬᠦᠮ ᠪᠣᠯᠤᠨ᠎ᠠ》᠎ ᠭᠡᠵᠦ ᠪᠠᠬᠠᠳᠤᠨ ᠶᠠᠷᠢᠨ᠎ᠠ ᠃
              《ᠭᠠᠳᠠᠭᠰᠢ ᠭᠠᠷᠬᠤ ᠳᠤ ᠠᠪᠤᠭᠠᠳ ᠶᠠᠪᠤᠬᠤ ᠳᠤ ᠪᠠᠰᠠ ᠯᠡ ᠶᠡᠬᠡ ᠰᠢᠭ ᠪᠠᠢᠨ᠎ᠠ ᠂ ᠬᠠᠮᠤᠭ ᠰᠠᠢᠨ ᠨᠢ ᠪᠣᠭᠴᠤᠨ ᠳᠣᠲᠤᠷ ᠎ᠠ ᠪᠠᠭᠲᠠᠬᠤ ᠪᠠᠷ ᠵᠤᠬᠢᠶᠠᠪᠠᠯ ᠨᠡᠩ ᠰᠠᠢᠨ》᠎ ᠭᠡᠵᠦ ᠨᠢᠭᠡ ᠲᠤᠷᠰᠢᠭᠴᠢ ᠬᠡᠯᠡᠨ᠎ᠡ ᠃ ᠴᠢ ᠲᠧᠩ ᠲᠤᠷᠰᠢᠭᠴᠢ ᠶᠢᠨ ᠰᠠᠨᠠᠯ ᠢ ᠳᠣᠲᠤᠷ᠎ᠠ ᠪᠠᠨ ᠴᠡᠭᠡᠵᠢᠯᠡᠵᠦ ᠂ ᠲᠥᠯᠦᠪᠯᠡᠭᠡ ᠶᠢᠨ ᠵᠢᠷᠤᠭ ᠲᠠᠭᠠᠨ ᠲᠠᠬᠢᠨ ᠵᠠᠰᠠᠪᠤᠷᠢ ᠣᠷᠤᠭᠤᠯᠵᠤ ᠂ ᠡᠴᠦᠰ ᠲᠡᠭᠡᠨ ᠳᠡᠯᠡᠬᠡᠢ ᠶᠢᠨ ᠠᠩᠬᠠᠳᠠᠭᠴᠢ ᠪᠣᠭᠴᠤᠨ ᠳᠣᠲᠤᠷ ᠎ᠠ ᠪᠠᠭᠲᠠᠬᠤ ᠮᠠᠰᠢᠨ ᠲᠡᠷᠭᠡ ᠶᠢ ᠵᠣᠬᠢᠶᠠᠨ ᠭᠠᠷᠭᠠᠪᠠ ᠃
                ᠡᠨᠡᠬᠦ ᠵᠦᠢᠯ ᠤᠨ ᠮᠠᠰᠢᠨ ᠲᠡᠷᠭᠡ ᠨᠢ ᠪᠢᠴᠢᠯ ᠺᠣᠮᠫᠢᠦ᠋ᠲ᠋ᠧᠷ ᠤᠨ ᠬᠦᠨᠳᠦ ᠲᠠᠢ ᠲᠡᠩᠴᠡᠨ᠎ᠠ ᠂ ᠪᠠᠷᠤᠭ 3᠎ ᠺᠢᠯᠣᠭ᠍ᠷᠠᠮ ᠃ ᠲᠡᠭᠦᠨ ᠤ ᠦᠢᠯᠡᠳᠦᠯ ᠨᠢ ᠭᠤᠯᠭᠤᠭᠤᠷ ᠲᠡᠷᠭᠡ ᠲᠠᠢ ᠲᠦᠰᠲᠠᠢ ᠮᠥᠷᠲᠡᠭᠡᠨ ᠠᠵᠢᠯᠯᠠᠭᠤᠯᠬᠤ ᠳᠤ ᠠᠮᠠᠷᠬᠠᠨ ︱ ᠳᠡᠭᠡᠷ᠎ᠡ ᠨᠢ ᠵᠣᠭᠰᠤᠪᠠᠯ ᠥᠪᠡᠷ ᠢᠶᠠᠨ ᠬᠥᠳᠡᠯᠵᠦ ᠂ ᠬᠥᠯ ᠢᠶᠠᠨ ᠭᠠᠵᠠᠷ ᠲᠠᠯᠪᠢᠪᠠᠯ ᠠᠶᠠᠨᠳᠠᠭᠠᠨ ᠵᠣᠭᠰᠤᠴᠢᠬᠠᠨ᠎ᠠ ᠃ ᠬᠡᠷᠪᠡ ᠴᠢᠭᠯᠡᠯ ᠢᠶᠠᠨ ᠬᠤᠪᠢᠷᠠᠭᠤᠯᠬᠤ ᠭᠡᠪᠡᠯ ᠪᠡᠶ᠎ᠡ ᠶᠢᠨ ᠢᠶᠠᠨ ᠬᠦᠨᠳᠦ ᠶᠢᠨ ᠲᠥᠪ ᠢᠶᠠᠨ ᠲᠤᠬᠢᠷᠠᠭᠤᠯᠪᠠᠯ ᠪᠣᠯᠴᠢᠬᠠᠨ᠎ᠠ ᠃
                ᠨᠠᠯᠠᠤ ᠭᠠᠵᠠᠷ ᠲᠤ ᠭᠠᠷᠬᠤ ᠪᠤᠶᠤ ᠪᠠᠭᠤᠬᠤ ᠳᠤ ᠵᠥᠪᠬᠡᠨ ᠪᠡᠶ᠎ᠡ ᠪᠠᠨ ᠤᠷᠤᠭᠰᠢ ᠬᠣᠢᠰᠢ ᠬᠥᠳᠡᠯᠭᠡᠪᠡᠯ ᠪᠣᠯᠴᠢᠬᠠᠨ᠎ᠠ ᠃ ᠰᠢᠨ᠎ᠡ ᠬᠡᠯᠪᠡᠷᠢ ᠶᠢᠨ ᠲᠡᠷᠭᠡ ᠶᠢ ᠬᠥᠩᠭᠡᠨᠴᠠᠭᠠᠨ ᠢᠶᠠᠷ ᠬᠢᠵᠦ ᠂ ᠯᠢᠲ᠋ᠢ ᠶᠢᠨ ᠴᠡᠨᠡᠭ ᠢᠶᠠᠷ ᠬᠥᠳᠡᠯᠭᠡᠵᠦ ᠂ ᠭᠡᠷ ᠤᠨ ᠭᠠᠳᠠᠨ᠎ᠠ ᠳᠣᠲᠤᠨᠠᠬᠢ ᠭᠡᠵᠦ ᠬᠣᠶᠠᠷ ᠵᠦᠢᠯ ᠬᠤᠪᠢᠶᠠᠵᠤ ᠂ 3᠎ ᠴᠠᠭ ᠴᠡᠨᠡᠭᠯᠡᠪᠡᠯ 120᠎ ᠺᠢᠯᠣᠮᠧᠲ᠋ᠷ ᠶᠠᠪᠤᠵᠤ ᠲᠡᠢᠯᠦᠨ᠎ᠠ ᠃ ᠴᠠᠭ ᠤᠨ ᠬᠤᠷᠳᠤᠴᠠ ᠨᠢ 30᠎ ᠺᠢᠯᠣᠮᠧᠲ᠋ᠷ ᠬᠦᠷᠴᠦ ᠂ 120᠎ ᠺᠢᠯᠤᠺᠷᠠᠮ ᠤᠨ ᠳᠠᠭᠠᠭᠠᠴᠠ ᠲᠠᠢ ᠃ ᠬᠡᠷᠡᠭᠯᠡᠭᠴᠢᠳ ᠬᠡᠷᠡᠭᠯᠡᠬᠦ  ᠦᠭᠡᠢ ᠦᠶ᠎ᠡ ᠳᠤ ᠪᠣᠭᠴᠤᠨ ᠳᠣᠲᠤᠷ᠎ᠠ ᠪᠠᠨ ᠬᠢᠵᠦ ᠡᠭᠦᠷᠦᠬᠡᠳ ᠶᠠᠪᠤᠵᠤ ᠪᠣᠯᠤᠨ᠎ᠠ ᠃
                ᠡᠨᠡ ᠲᠡᠷᠭᠡ ᠵᠠᠬ᠎ᠠ ᠳᠤ ᠭᠠᠷᠤᠭᠰᠠᠨ ᠴᠠᠭ ᠡᠴᠡ ᠪᠠᠨ ᠤᠯᠠᠨ ᠤ ᠬᠦᠷᠢᠶᠡᠯᠡᠯ ᠢ ᠣᠯᠵᠠᠢ ᠃ 5139᠎ ᠠᠷᠠᠳ ᠤᠨ ᠵᠣᠭᠤᠰ ᠤᠨ ᠪᠣᠷᠤᠯᠠᠭᠤᠯᠬᠤ ᠦᠨ᠎ᠡ ᠨᠢ ᠪᠠᠰᠠ ᠡᠭᠡᠯ ᠠᠷᠠᠳ ᠤᠨ ᠬᠦᠯᠢᠶᠡᠵᠦ ᠠᠪᠬᠤ ᠬᠡᠪᠴᠢᠶᠡᠨ ᠳᠤ ᠪᠠᠢᠨ᠎ᠠ ᠃ ᠡᠨᠡ ᠲᠡᠷᠭᠡ ᠶᠢ ᠡᠯᠧᠺᠲ᠋ᠷᠣᠨ ᠬᠤᠳᠠᠯᠳᠤᠭ᠎ᠠ ᠳᠡᠭᠡᠷ᠎ᠡ ᠎ᠠ ᠬᠤᠳᠠᠯᠳᠤᠭᠰᠠᠨ ᠳᠤ ᠪᠣᠷᠤᠯᠠᠭᠤᠯᠭ᠎ᠠ ᠰᠠᠢᠲᠠᠢ ᠪᠠᠢᠯ᠎ᠠ ᠃ (《ᠣᠨᠴᠠ ᠠᠩᠬᠠᠷᠤᠯ》᠎ ᠰᠡᠳᠭᠦᠯ ᠡᠴᠡ ᠣᠷᠴᠢᠭᠤᠯᠪᠠ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )